ᠲᠤᠰᠭᠠᠢ ᠮᠡᠳᠡᠭᠡ
ᠰᠠᠨᠰᠠᠷ ᠬᠦᠦ ᠶᠢᠨ ᠰᠣᠳᠤᠨ ᠠᠮᠵᠢᠯᠲᠠ
2014.10.18 ᠲᠣᠰ ᠥᠷᠲᠡᠭᠡᠨ ᠦ ᠨᠠᠢᠷᠠᠭᠤᠯᠤᠭᠴᠢ

ᠰᠠᠨᠰᠠᠷ ᠬᠦᠦ ᠶᠢᠨ ᠰᠣᠳᠤᠨ ᠠᠮᠵᠢᠯᠲᠠ ᠬᠡᠦᠬᠡᠳ ᠤᠨ ᠪᠡᠶ᠎ᠡ ᠰᠡᠳᠭᠢᠴᠡ ᠶᠢᠨ ᠡᠷᠡᠭᠦᠯ ᠢᠶᠠᠷ ᠦᠰᠦᠨ ᠪᠣᠢᠵᠢᠬᠤ ᠭᠡᠭᠴᠢ ᠨᠢ ᠴᠠᠬᠤᠮ ᠶᠠᠭᠤ ᠪᠣᠯᠬᠤ ︖ ᠲᠤᠰ ᠰᠡᠳᠦᠪ ᠤᠨ ᠲᠤᠬᠠᠢ ᠪᠣᠳᠤᠯᠬᠢᠯᠠᠬᠤ ᠳᠤ ᠥᠪᠡᠷ ᠤᠨ ᠡᠷᠬᠡ ᠦᠭᠡᠢ ᠰᠤᠷᠤᠯᠴᠠᠬᠤ ᠳᠤ ᠪᠠᠬ᠎ᠠ ᠲᠠᠢ ᠰᠤᠷᠬᠤ ᠳᠤ ᠤᠷᠮ᠎ᠠ ᠲᠠᠢ ᠰᠠᠨᠰᠠᠷ ᠬᠦᠦ ᠶᠢ ᠰᠠᠨᠠᠭᠠᠨ ᠳᠤ ᠣᠷᠤᠵᠤ ᠂ ᠲᠡᠭᠦᠨ ᠤ ᠨᠢᠯᠬ᠎ᠠ ᠪᠠᠭ᠎ᠠ ᠡᠴᠡ ᠪᠠᠨ ᠡᠯ᠎ᠡ ᠲᠠᠯ᠎ᠠ ᠪᠠᠷ ᠬᠥᠮᠦᠵᠢᠭᠳᠡᠨ ᠪᠣᠢᠵᠢᠭᠰᠠᠨ ᠥᠩᠭᠡᠷᠡᠯᠲᠡ ᠨᠢ ᠬᠡᠦᠬᠡᠳ ᠤᠨ ᠡᠷᠡᠭᠦᠯ ᠢᠶᠠᠷ ᠦᠰᠦᠨ ᠪᠣᠢᠵᠢᠬᠤ ᠶᠢᠨ ᠨᠡᠢᠲᠡᠯᠢᠭ ᠵᠢᠱᠢᠶ᠎ᠡ ᠪᠣᠯᠤᠮᠠᠷ ᠭᠡᠵᠦ ᠪᠤᠳᠤᠭᠳᠠᠬᠤ ᠲᠤᠯᠠ ᠲᠤᠰ ᠬᠡᠦᠬᠡᠳ ᠢ ᠲᠡᠮᠳᠡᠭᠯᠡᠵᠦ ᠂ ᠥᠷᠭᠡᠨ ᠤᠯᠠᠨ ᠪᠠᠭᠠᠴᠤᠳ ᠬᠡᠦᠬᠡᠳ ᠤᠨ ᠥᠪᠡᠷ  ᠤᠨ ᠬᠡᠪ ᠴᠢᠨᠠᠷ ᠢᠶᠠᠨ ᠬᠡᠷᠬᠢᠨ ᠳᠡᠭᠡᠭᠰᠢᠯᠡᠭᠦᠯᠬᠦ ᠲᠤᠬᠠᠢ ᠪᠤᠳᠠᠲᠠᠢ ᠵᠢᠱᠢᠶ᠎ᠡ ᠪᠣᠯᠭᠠᠬᠤ ᠶᠢ ᠰᠠᠨᠠᠭᠰᠠᠨ ᠶᠤᠮ ᠃ ᠲᠡᠭᠡᠭᠡᠳ ᠪᠢ ᠰᠠᠨᠰᠠᠷ ᠬᠦᠦ ᠶᠢᠨ ᠠᠩᠭᠢ ᠶᠢᠨ ᠪᠠᠭᠰᠢ ᠰᠤᠳᠤᠪᠢᠯᠢᠭ ᠲᠠᠢ ᠤᠲᠠᠰᠤ ᠪᠠᠷ ᠬᠠᠷᠢᠯᠴᠠᠵᠤ ᠲᠤᠰ ᠰᠤᠷᠤᠭᠴᠢ ᠶᠢᠨ ᠲᠤᠬᠠᠢ ᠣᠢᠯᠠᠭᠠᠶ᠎ᠠ ᠭᠡᠰᠡᠨ ᠳᠤ ᠠᠩᠭᠢ ᠶᠢᠨ ᠪᠠᠭᠰᠢ ᠨᠢ ᠪᠠᠶᠠᠷᠲᠠᠢᠬᠠᠨ ᠬᠦᠯᠢᠶᠡᠨ ᠠᠪᠴᠤ ᠄ 《 ᠰᠠᠨᠰᠠᠷ ᠭᠡᠳᠡᠭ ᠰᠤᠷᠤᠭᠴᠢ ᠰᠤᠷᠤᠯᠭ᠎ᠠ ᠳᠤ ᠪᠠᠨ ᠶᠡᠬᠡ ᠴᠢᠷᠮᠠᠢᠯᠭ᠎ᠠ ᠲᠠᠢ ᠂ ᠰᠤᠷᠤᠯᠭ᠎ᠠ ᠪᠠᠷ ᠠᠩᠭᠢ ᠳᠤ ᠪᠠᠨ ᠡᠮᠦᠨ᠎ᠡ ᠲᠠᠪᠤᠨ ᠨᠡᠷ᠎ᠡ ᠳᠤ ᠶᠠᠪᠤᠵᠤ ᠪᠠᠢᠭ᠎ᠠ ᠮᠥᠷᠲᠡᠭᠡᠨ ᠡᠯ᠎ᠡ ᠲᠡᠯ᠎ᠡ ᠪᠠᠷ ᠶᠡᠬᠡ ᠠᠪᠢᠶᠠᠰᠤᠯᠢᠭ ᠃ ᠬᠡᠳᠦ ᠤᠳᠠᠭᠠᠨ ᠤ ᠶᠠᠷᠢᠶ᠎ᠠ ᠢᠯᠡᠳᠭᠡᠯ ᠤᠨ ᠮᠥᠷᠦᠢᠴᠡᠭᠡᠨ ᠳᠤ ᠲᠡᠷᠢᠭᠦᠯᠦᠭᠰᠡᠨ ᠮᠥᠷᠲᠡᠭᠡᠨ ᠤᠯᠤᠰ ᠤᠨ ᠲᠡᠰ ᠤᠨ ᠲᠣᠭᠠᠨ ᠤ ᠤᠬᠠᠭᠠᠨ ᠤ ᠮᠥᠷᠦᠢᠴᠡᠭᠡᠨ ᠳᠤ  ᠴᠦ ᠨᠢᠭᠡᠳᠦᠭᠡᠷ ᠲᠣ ᠣᠷᠤᠵᠠᠢ 》 ᠭᠡᠵᠦ ᠤᠷᠮ᠎ᠠ ᠲᠠᠢ ᠶᠠᠷᠢᠯᠴᠠᠭ᠎ᠠ ᠪᠠᠨ ᠡᠬᠢᠯᠡᠭᠦᠯᠦᠭᠰᠡᠨ ᠶᠤᠮ ᠃ ᠰᠠᠨᠰᠠᠷ ᠬᠦᠦ ᠭᠡᠵᠦ ᠯᠢᠨᠳᠦ᠋ᠩ ᠤᠨ ᠮᠣᠩᠭᠤᠯ ᠳᠤᠮᠳᠠᠳᠤ ᠰᠤᠷᠭᠠᠭᠤᠯᠢ ᠶᠢᠨ ᠠᠩᠬ᠎ᠠ ᠳᠤᠮᠳᠠᠳᠤ ᠳᠤ ᠰᠤᠷᠤᠯᠴᠠᠵᠤ ᠪᠠᠢᠭ᠎ᠠ ᠰᠤᠷᠤᠭᠴᠢ ᠪᠣᠯᠤᠨ᠎ᠠ ᠃ ᠲᠡᠷᠡ1998 ᠣᠨ ᠤ ᠪᠢᠯᠢᠭ᠌ ᠤᠨ ᠤᠯᠠᠷᠢᠯ ᠤᠨ ᠨᠠᠢ᠍ᠮᠠᠨ ᠰᠠᠷ᠎ᠠ ᠶᠢᠨ ᠬᠣᠷᠢᠨ ᠤ ᠡᠳᠦᠷ ᠪᠠᠭᠠᠷᠢᠨ ᠵᠡᠭᠦᠨ ᠬᠣᠰᠢᠭᠤᠨ ᠤ ᠪᠠᠶᠠᠠᠨᠢᠷᠤᠭᠤ ᠪᠠᠯᠭᠠᠰᠤ ᠳᠤ ᠡᠮᠴᠢ ᠠᠷᠰᠯᠠᠨ ᠂ ᠠᠷᠠᠳ ᠤᠨ ᠪᠠᠭᠰᠢ ᠴᠠᠭᠠᠨ ᠤ ᠬᠥᠪᠡᠭᠦᠨ ᠪᠤᠯᠤᠨ ᠵᠠᠶᠠᠭᠠᠵᠤ 《 ᠠᠮᠠᠨ ᠳᠤ ᠪᠠᠨ ᠬᠢᠪᠡᠯ ᠬᠠᠢᠯᠴᠢᠬᠤᠵᠠᠢ ᠂ ᠠᠯᠠᠭᠠᠨ ᠳᠡᠭᠡᠷ᠎ᠡ ᠪᠠᠨ ᠲᠠᠯᠪᠢᠪᠠᠯ ᠪᠦᠮᠪᠦᠷᠢᠴᠢᠬᠦᠵᠡᠢ 》 ᠬᠡᠮᠡᠨ ᠡᠩᠬᠦᠷᠠᠢᠯᠠᠨ ᠥᠰᠭᠡᠭᠰᠡᠨ ᠴᠦ ᠡᠯ᠎ᠡ ᠲᠠᠯ᠎ᠠ ᠶᠢᠨ ᠬᠥᠮᠦᠵᠢᠯ ᠰᠤᠷᠲᠠᠯ ᠢ ᠡᠷᠲᠡ ᠡᠴᠡ ᠠᠳᠭᠤᠵᠤ 《 ᠬᠥᠮᠦᠨ ᠪᠣᠯᠬᠤ ᠪᠠᠭ᠎ᠠ ᠡᠴᠡ ᠪᠠᠨ ᠂ ᠬᠦᠯᠦᠭ ᠪᠣᠯᠬᠤ ᠤᠨᠠᠭᠠᠨ ᠡᠴᠡ ᠪᠠᠨ 》 ᠭᠡᠬᠦ ᠬᠠᠲᠠᠭᠤ ᠰᠤᠷᠭᠠᠯ  ᠳᠤ ᠡᠷᠲᠡ ᠡᠴᠡ ᠤᠬᠠᠭᠠᠨ ᠠᠪᠢᠶᠠᠰ ᠪᠦᠷᠢᠳᠦᠭᠦᠯᠦᠭᠰᠡᠨ ᠬᠥᠭᠡᠷᠦᠬᠦᠨ ᠬᠡᠦᠬᠡᠳ ᠶᠤᠮ ᠃ ᠲᠥᠷᠦᠭᠰᠡᠨ ᠨᠤᠲᠤᠭ ᠪᠠᠬᠠᠷᠠᠮ᠎ᠠ ᠰᠠᠢᠬᠠᠨ 《 ᠪᠠᠶᠠᠨ ᠡᠩᠭᠡᠷ 》 ᠤᠨ ᠢᠶᠠᠨ ᠬᠠᠯᠠᠭᠤᠨ ᠡᠯᠢᠭᠡᠨ ᠳᠤ ᠡᠷᠬᠡ ᠳᠤᠷ᠎ᠠ  ᠪᠠᠷ ᠢᠶᠠᠨ ᠥᠰᠦᠭᠰᠡᠨ ᠰᠠᠨᠰᠠᠷ ᠬᠦᠦ ᠳᠤ ᠡᠬᠡ ᠨᠤᠲᠤᠭ ᠭᠡᠳᠡᠭ ᠡᠵᠢ ᠨᠢ ᠰᠢᠭ ᠬᠠᠯᠠᠭᠤᠨ ᠳᠣᠲᠤᠨᠤ ᠰᠠᠨᠠᠭᠳᠠᠵᠤ 《 ᠡᠬᠡ ᠨᠤᠲᠤᠭ ᠤᠨ ᠢᠶᠠᠨ ᠲᠥᠯᠦᠭᠡ ᠡᠷᠳᠡᠮᠲᠡᠨ ᠴᠢᠳᠠᠪᠤᠷᠢᠲᠠᠨ ᠪᠣᠯᠵᠤ ᠂ ᠡᠵᠢ ᠶᠢᠨ ᠢᠶᠠᠨ ᠠᠴᠢ ᠶᠢ ᠬᠠᠷᠢᠭᠤᠯᠵᠤ ᠶᠠᠪᠤᠨ᠎ᠠ 》 ᠭᠡᠵᠦ ᠬᠡᠯᠡ ᠳᠤ ᠣᠷᠤᠭᠰᠠᠨ ᠡᠴᠡ ᠪᠠᠨ ᠡᠬᠢᠯᠡᠨ ᠬᠡᠯᠡᠵᠦ ᠪᠠᠢᠳᠠᠭ ᠭᠡᠰᠡᠨ ᠃ ᠰᠠᠨᠰᠠᠷ ᠬᠦᠦ 2003 ᠣᠨ ᠳᠤ ᠪᠠᠶᠠᠠᠨᠢᠷᠤᠭᠤ ᠭᠣᠣᠯ ᠪᠠᠭ᠎ᠠ ᠰᠤᠷᠭᠠᠭᠤᠯᠢ ᠶᠢᠨ ᠰᠤᠷᠬᠤ ᠨᠠᠰᠤᠨ ᠡᠴᠡ ᠡᠮᠦᠨᠡᠬᠢ ᠪᠡᠯᠡᠳᠭᠡᠯ ᠠᠩᠭᠢ ᠳᠤ ᠰᠠᠭᠤᠭᠰᠠᠨ ᠡᠴᠡ ᠡᠬᠢᠯᠡᠨ ᠥᠷᠭᠡᠨ ᠳᠡᠯᠭᠡᠷ ᠰᠣᠨᠢᠷᠬᠠᠯ ᠲᠠᠢ ᠮᠥᠷᠲᠡᠭᠡᠨ ᠦᠯᠢᠭᠡᠷ ᠰᠢᠯᠦᠭ ᠢ ᠠᠮᠠᠷᠬᠠᠨ ᠴᠡᠭᠡᠵᠢᠯᠡᠳᠡᠭ ᠡᠴᠡ ᠪᠠᠭᠰᠢ ᠶᠢᠨ ᠢᠶᠠᠨ ᠵᠢᠵᠢᠭ᠌ ᠤᠯᠠᠭᠠᠨ ᠬᠤᠸᠠᠷ ᠢᠶᠠᠷ ᠮᠢᠯᠢᠶᠡᠯᠭᠠᠵᠤ ᠣᠮᠤᠭᠰᠢᠨ ᠪᠠᠶᠠᠷᠯᠠᠵᠤ ᠪᠠᠢᠭᠰᠠᠨ ᠢᠶᠠᠨ ᠨᠢᠭᠡ ᠮᠡᠳᠡᠬᠦ ᠳᠤ ᠤᠯᠠᠨ ᠬᠡᠦᠬᠡᠳ ᠡᠴᠡ ᠤᠨᠴᠠᠭᠠᠢᠷᠠᠨ ᠭᠠᠷᠴᠤ ᠤᠳᠠᠭ᠎ᠠ ᠪᠣᠯᠭᠠᠨ ᠤ ᠬᠡᠦᠬᠡᠳ ᠤᠨ ᠦᠯᠢᠭᠡᠷ ᠰᠢᠯᠦᠭ ᠤᠨ ᠮᠥᠷᠦᠢᠴᠡᠭᠡᠨ ᠳᠤ ᠱᠠᠩᠨᠠᠯ ᠲᠤᠰᠴᠤ ᠡᠬᠢᠯᠡᠭᠰᠡᠨ ᠡᠴᠡ ᠢᠳᠡᠭ ᠢᠳᠡᠭ ᠢᠶᠠᠷ ᠰᠤᠷᠬᠤ ᠶᠢᠨ ᠠᠮᠲᠠ ᠶᠢ ᠮᠡᠳᠡᠵᠦ ᠂ ᠰᠣᠨᠢᠭᠤᠴᠢ ᠵᠠᠩ ᠨᠢ ᠤᠯᠠᠨ ᠲᠠᠯᠠᠲᠤ ᠪᠤᠯᠤᠨ ᠬᠥᠭᠵᠢᠵᠦ ᠢᠷᠡᠵᠡᠢ ᠃ ᠶᠠᠭᠤ ᠦᠵᠡᠪᠡᠯ ᠶᠠᠭᠤ ᠰᠤᠷᠬᠤ ᠂ ᠶᠠᠭᠤ ᠰᠤᠷᠪᠠᠯ ᠶᠠᠭᠤ ᠦᠵᠦᠭᠦᠷ ᠲᠣ ᠨᠢ ᠭᠠᠷᠬᠤ ᠪᠠᠷ ᠴᠢᠷᠮᠠᠢᠳᠠᠭ ᠨᠢ ᠰᠠᠨᠰᠠᠷ ᠬᠦᠦ ᠶᠢᠨ ᠥᠪᠡᠷᠮᠢᠴᠡ ᠵᠠᠩ ᠴᠢᠨᠠᠷ ᠨᠢ ᠪᠣᠯᠤᠨ᠎ᠠ ᠃ 2004 ᠤᠨ ᠤ 8 ᠰᠠᠷ᠎ᠠ ᠳᠤ ᠪᠠᠶᠠᠠᠨᠢᠷᠤᠭᠤ ᠪᠠᠭ᠎ᠠ ᠰᠤᠷᠭᠠᠭᠤᠯᠢ ᠶᠢᠨ ᠨᠢᠭᠡᠳᠦᠭᠡᠷ ᠣᠨ ᠳᠤ ᠣᠷᠤᠵᠤ ᠂ 2006 ᠣᠨ ᠳᠤ ᠯᠢᠨᠳᠦ᠋ᠩ ᠤᠨ ᠮᠣᠩᠭᠤᠯ ᠪᠠᠭ᠎ᠠ ᠰᠤᠷᠭᠠᠭᠤᠯᠢ ᠳᠤ ᠰᠢᠯᠵᠢᠵᠦ ᠢᠷᠡᠵᠡᠢ ᠃ ᠨᠠᠰᠤ ᠥᠰᠴᠦ ᠂ ᠣᠨ ᠲᠠᠪᠰᠢᠬᠤ ᠶᠢ ᠳᠠᠭᠠᠯᠳᠤᠨ ᠠᠩᠭᠢ ᠶᠢᠨ ᠪᠠᠭᠰᠢ ᠨᠤᠭᠤᠨᠳᠠᠭᠤᠯ᠎ᠠ ᠵᠡᠷᠭᠡ ᠤᠯᠠᠨ ᠤᠯᠠᠨ ᠪᠠᠭᠰᠢ ᠨᠠᠷ ᠤᠨ ᠢᠶᠠᠨ ᠬᠠᠢᠷ᠎ᠠ ᠬᠥᠮᠦᠵᠢᠯ ᠤᠨ ᠷᠠᠰᠢᠶᠠᠨ ᠬᠤᠷ᠎ᠠ ᠳᠤ ᠤᠮᠳᠠᠯᠠᠭᠳᠠᠨ ᠬᠥᠮᠦᠵᠢᠭᠳᠡᠭᠰᠡᠨ ᠤ ᠠᠴᠢ ᠪᠠᠷ ᠰᠠᠨᠰᠠᠷ ᠬᠦᠦ ᠪᠠᠭ᠎ᠠ ᠰᠤᠷᠭᠠᠭᠤᠯᠢ  ᠡᠴᠡ ᠪᠠᠨ ᠡᠬᠢᠯᠡᠨ ᠰᠤᠷᠭᠠᠭᠤᠯᠢ ᠳᠤ ᠪᠠᠨ 《 ᠰᠢᠯᠢᠳᠡᠭ ᠰᠤᠷᠤᠭᠴᠢ 》 ᠂ 《 ᠭᠤᠷᠪᠠᠨ ᠰᠠᠢᠨᠲᠠᠢ ᠰᠤᠷᠤᠭᠴᠢ 》 ᠶᠢᠨ ᠱᠠᠩᠨᠠᠯ ᠢ ᠤᠯᠠᠨ ᠤᠳᠠᠭ᠎ᠠ ᠬᠦᠷᠲᠡᠵᠦ ᠂ ᠡᠷᠳᠡᠮ ᠮᠡᠳᠡᠯᠭᠡ ᠶᠢ ᠰᠤᠷᠬᠤ ᠶᠢᠨ ᠬᠠᠮᠲᠤ ᠡᠯ᠎ᠡ ᠲᠠᠯ᠎ᠠ ᠶᠢᠨ ᠠᠪᠢᠶᠠᠰ ᠴᠢᠳᠠᠪᠤᠷᠢ ᠶᠢᠨ ᠴᠢᠯᠦᠭᠡᠲᠦ ᠣᠭᠲᠠᠷᠭᠤᠢ ᠳᠤ ᠵᠣᠷᠴᠢᠨ ᠳᠡᠷᠪᠡᠬᠦ ᠪᠢᠴᠢᠬᠠᠨ ᠪᠣᠯᠵᠤᠮᠤᠷ ᠪᠣᠯᠤᠭᠰᠠᠨ ᠪᠠᠢᠨ᠎ᠠ ᠃ ᠲᠡᠷᠡ ᠮᠠᠨᠢ ᠤᠯᠠᠨ ᠲᠥᠷᠦᠯ ᠳᠤ ᠳᠤᠷ᠎ᠠ ᠪᠠᠬ᠎ᠠ ᠲᠠᠢ ᠪᠠᠢᠲᠠᠯ᠎ᠠ ᠰᠤᠷᠤᠯᠭ᠎ᠠ ᠪᠠᠨ ᠨᠥᠯᠦᠭᠡᠯᠡᠳᠡᠭ ᠦᠭᠡᠢ ᠨᠢ ᠳᠠᠷᠤᠢ ᠰᠤᠷᠤᠯᠴᠠᠬᠤ ᠴᠠᠭ ᠢᠶᠠᠨ ᠠᠰᠢᠭᠯᠠᠵᠤ ᠴᠢᠳᠠᠳᠠᠭ ᠮᠥᠷᠲᠡᠭᠡᠨ ᠰᠤᠷᠤᠯᠭ᠎ᠠ ᠶᠢᠨ ᠵᠦᠪ ᠲᠠᠨᠢᠯᠲᠠ ᠲᠠᠢ ᠪᠠᠢᠳᠠᠭ ᠲᠣ ᠣᠷᠤᠰᠢᠨ᠎ᠠ ᠃ ᠲᠡᠷᠡ ᠰᠤᠷᠤᠯᠴᠠᠬᠤ ᠴᠠᠭ ᠢᠶᠠᠨ ᠵᠣᠬᠢᠰᠲᠠᠢ ᠲᠣᠬᠢᠷᠠᠭᠤᠯᠵᠤ ᠴᠢᠳᠠᠳᠠᠭ ᠡᠴᠡ ᠬᠡᠵᠢᠶ᠎ᠡ ᠨᠠᠭᠠᠳᠬᠤ ᠂ ᠬᠢᠴᠢᠶᠡᠯ ᠢᠶᠠᠨ ᠬᠡᠵᠢᠶ᠎ᠡ ᠳᠠᠪᠲᠠᠬᠤ ᠂ ᠳᠠᠰᠭᠠᠯ ᠢᠶᠠᠨ ᠬᠡᠵᠢᠶ᠎ᠡ ᠬᠢᠬᠦ ᠂ ᠨᠣᠮ ᠬᠡᠵᠢᠶ᠎ᠡ ᠤᠩᠰᠢᠬᠤ ᠁ ᠵᠡᠷᠭᠡ ᠨᠠᠷᠢᠨ ᠲᠣᠬᠢᠷᠠᠭᠤᠯᠤᠯᠲᠠ ᠲᠠᠢ ᠪᠠᠢᠵᠤ ᠬᠢᠬᠦ ᠶᠠᠭᠤᠮ᠎ᠠ ᠪᠠᠨ ᠴᠠᠭ ᠲᠣ ᠪᠠᠨ ᠬᠢᠳᠡᠭ ᠰᠠᠢᠬᠠᠨ ᠳᠠᠳᠭᠠᠯ ᠲᠠᠢ ᠤᠴᠢᠷ ᠲᠡᠷᠡ ᠶᠠᠭᠤ ᠬᠢᠭᠰᠡᠨ ᠴᠦ ᠠᠭᠤᠵᠢᠭᠤ ᠲᠠᠯᠪᠢᠭᠤ ᠂ ᠴᠢᠯᠦᠭᠡᠲᠡᠢ ᠪᠠᠢᠳᠠᠭ ᠡᠴᠡ ᠬᠡᠦᠬᠡᠳ ᠤᠨ ᠨᠣᠮ ᠰᠡᠳᠭᠦᠯ ᠵᠠᠬᠢᠶᠠᠯᠠᠨ ᠤᠩᠰᠢᠵᠤ ᠂ ᠦᠯᠢᠭᠡᠷ ᠵᠣᠬᠢᠶᠠᠯ ᠳᠤ ᠳᠤᠷ᠎ᠠ ᠪᠠᠬ᠎ᠠ ᠲᠠᠢ ᠪᠠᠢᠵᠤ ᠰᠤᠯᠠ ᠰᠡᠯᠡᠭᠦᠦ ᠴᠠᠭ ᠢᠶᠠᠷ ᠢᠶᠠᠨ ᠵᠣᠬᠢᠶᠠᠯ ᠪᠢᠴᠢᠵᠦ 《 ᠥᠪᠦᠷ ᠮᠣᠩᠭᠤᠯ ᠤᠨ ᠪᠠᠭᠠᠴᠤᠳ ᠬᠡᠦᠬᠡᠳ ᠤᠨ ᠰᠣᠨᠢᠨ 》 ᠂ 《 ᠨᠠᠬᠢᠶ᠎ᠠ 》 ᠁ ᠵᠡᠷᠭᠡ ᠳᠤ ᠤᠯᠠᠨ ᠪᠦᠲᠦᠭᠡᠯ  ᠢᠶᠠᠨ ᠨᠡᠢᠲᠡᠯᠡᠭᠦᠯᠦᠭᠰᠡᠭᠡᠷ ᠢᠷᠡᠵᠡᠢ ᠃ ᠨᠠᠬᠢᠶ᠎ᠠ ᠰᠡᠳᠭᠦᠯ ᠳᠤ ᠨᠠᠢᠲᠠᠯᠠᠭᠦᠯᠦᠭᠰᠡᠨ ᠵᠣᠬᠢᠶᠠᠯ ᠨᠢ ᠭᠡᠪᠡᠯ 2006 ᠣᠨ ᠤ ᠨᠢᠭᠡᠳᠦᠭᠡᠷ ᠰᠠᠷ᠎ᠠ ᠳᠤ 《 ᠮᠦᠽᠧᠢ ᠲᠣᠭᠤᠷᠢᠭᠰᠠᠨ ᠨᠢ 》 ( ᠪᠠᠷᠠᠭᠤᠨ ᠪᠠᠭᠠᠷᠢᠨ ᠤ ᠰᠠᠢᠬᠠᠨ ᠬᠠᠨ ᠤ ᠠᠮᠢᠲᠠᠨ ᠤ ᠬᠦᠷᠢᠶᠡᠯᠡᠩ ᠤᠨ ᠮᠦᠽᠧᠢ ᠪᠠᠷ ᠲᠣᠭᠤᠷᠢᠭᠰᠠᠨ ) ᠂2007 ᠣᠨ ᠤ 6 ᠳ᠋ᠤᠭᠠᠷ ᠰᠠᠷ᠎ᠠ ᠳᠤ 《 ᠮᠢᠨᠦ ᠠᠪᠤ ᠡᠵᠢ 》 ᠂ 2007 ᠣᠨ ᠤ 5 ᠰᠠᠷ᠎ᠠ ᠳᠤ 《 ᠴᠠᠰᠤ 》 ᠂2007 ᠣᠨ ᠤ8 ᠰᠠᠷ᠎ᠠ ᠳᠤ 《 ᠮᠢᠨᠦ ᠲᠥᠷᠦᠭᠰᠡᠨ ᠨᠤᠲᠤᠭ 》 ᠂2007 ᠣᠨ ᠤ12 ᠰᠠᠷ᠎ᠠ ᠳᠤ ᠮᠦᠽᠧᠢ  ᠪᠠᠷ ᠲᠣᠭᠤᠷᠢᠭᠰᠠᠨ ᠨᠢ 》 ( ᠲᠦᠩᠯᠢᠶᠣᠣ ᠬᠣᠲᠠ ᠶᠢᠨ ᠮᠦᠽᠧᠢ ᠪᠠᠷ ᠲᠣᠭᠤᠷᠢᠭᠰᠠᠨ ) ᠂ 2008 ᠣᠨ ᠤ 2 ᠰᠠᠷ᠎ᠠ  ᠳᠤ 《 ᠮᠢᠨᠦ ᠡᠵᠢ 》 ᠁ ᠵᠡᠷᠭᠡ ᠤᠯᠠᠨ ᠵᠣᠬᠢᠶᠠᠯ ᠢᠶᠠᠨ ᠦᠷᠭᠦᠯᠵᠢᠯᠡᠨ ᠨᠡᠢᠲᠡᠯᠡᠭᠦᠯᠵᠦ 《 ᠨᠠᠬᠢᠶ᠎ᠠ 》 ᠰᠡᠳᠭᠦᠯ ᠤᠨ ᠪᠢᠴᠢᠬᠠᠨ ᠵᠣᠬᠢᠶᠠᠯᠴᠢ ᠪᠣᠯᠤᠭᠰᠠᠨ ᠪᠠᠢᠨ᠎ᠠ ᠃ 2007 ᠣᠨ ᠤ ᠶᠢᠰᠦᠳᠦᠭᠡᠷ ᠤᠳᠠᠭᠠᠨ ᠤ ᠥᠪᠦᠷ ᠮᠣᠩᠭᠤᠯ ᠤᠨ 《 ᠪᠠᠭᠠᠴᠤᠳ ᠤᠨ ᠰᠣᠨᠢᠨ 》 ᠤᠩᠰᠢᠭᠰᠠᠨ ᠣᠷᠤᠨ ᠤ ᠲᠡᠰ ᠤᠨ ᠱᠠᠩᠨᠠᠯᠲᠤ ᠤᠷᠤᠯᠳᠤᠭᠠᠨ ᠳᠤ ᠰᠢᠯᠢᠳᠡᠭ ᠱᠠᠩᠨᠠᠯ ᠬᠦᠷᠲᠡᠵᠦ ᠂ 2009 ᠣᠨ10 ᠰᠠᠷ᠎ᠠ ᠳᠤ ᠪᠠᠭᠠᠷᠢᠨ ᠪᠠᠷᠠᠭᠤᠨ ᠬᠣᠰᠢᠭᠤᠨ ᠤ 《 ᠵᠢᠭᠠᠬᠤ ᠶᠢ ᠰᠤᠳᠤᠯᠬᠤ ᠲᠠᠰᠤᠭ 》 ᠡᠴᠡ ᠡᠷᠬᠢᠯᠡᠨ ᠨᠠᠢᠷᠠᠭᠤᠯᠤᠭᠰᠠᠨ 《 ᠠᠮᠢᠨ ᠬᠠᠢᠷᠠᠲᠠᠢ ᠨᠤᠲᠤᠭ 》 ᠭᠡᠬᠦ ᠪᠠᠭᠠᠴᠤᠳ ᠬᠡᠦᠬᠡᠳ ᠤᠨ ᠵᠣᠬᠢᠶᠠᠯ ᠤᠨ ᠲᠡᠭᠦᠪᠦᠷᠢ ᠳᠤ 《 ᠤᠷᠢᠬᠠᠨ ᠬᠠᠪᠤᠷ ᠢ ᠡᠷᠢᠭᠰᠡᠨ  ᠨᠢ 》 ᠭᠡᠳᠡᠭ ᠵᠣᠬᠢᠶᠠᠯ ᠨᠢ ᠰᠢᠯᠢᠭᠳᠡᠨ ᠰᠣᠩᠭᠤᠭᠳᠠᠵᠤ ᠣᠷᠤᠭᠰᠠᠨ ᠮᠥᠷᠲᠡᠭᠡᠨ ᠨᠠᠢᠷᠠᠭᠤᠯᠤᠭᠴᠢ ᠡᠴᠡ ᠲᠤᠰ ᠵᠣᠬᠢᠶᠠᠯ  ᠢ ᠨᠢ 《 ᠪᠦᠲᠦᠭᠡᠯᠴᠢ ᠴᠢᠨᠠᠷ ᠲᠠᠢ ᠪᠠᠶᠠᠷᠯᠠᠭᠤᠰᠢᠲᠠᠢ ᠰᠠᠢᠬᠠᠨ ᠵᠣᠬᠢᠶᠠᠯ 》 ᠭᠡᠵᠦ ᠲᠤᠰᠭᠠᠢ ᠦᠨᠡᠯᠡᠭᠰᠡᠨ ᠪᠠᠢᠨ᠎ᠠ ᠃ ᠰᠠᠨᠰᠠᠷ ᠬᠦᠦ ᠲᠥᠷᠦᠯᠬᠢ ᠴᠣᠪᠤᠭᠤ ᠳᠡᠭᠵᠢᠨ ᠂ ᠠᠰᠪᠤᠷᠢ ᠰᠢᠯᠤᠭᠤᠨ ᠰᠣᠨᠢᠷᠬᠠᠯ ᠶᠡᠬᠡ ᠪᠠᠢᠳᠠᠭ ᠡᠴᠡ ᠶᠠᠭᠤ ᠶᠢ  ᠴᠦ ᠰᠤᠷᠴᠤ ᠦᠵᠡᠶ᠎ᠡ ᠂ ᠤᠷᠤᠯᠳᠤᠵᠤ ᠦᠵᠡᠶ᠎ᠡ ᠭᠡᠵᠦ ᠪᠣᠳᠤᠳᠠᠭ ᠂ ᠲᠡᠷᠡ ᠵᠣᠬᠢᠶᠠᠯ ᠪᠦᠲᠦᠭᠡᠯ ᠳᠤ ᠰᠣᠨᠢᠷᠬᠠᠯ ᠲᠠᠢ ᠪᠠᠷ ᠪᠠᠷᠠᠬᠤ ᠦᠭᠡᠢ ᠵᠢᠷᠤᠭ ᠂ ᠰᠢᠯᠦᠭ ᠳᠠᠭᠤᠤ ᠂ ᠶᠠᠷᠢᠶ᠎ᠠ ᠢᠯᠡᠳᠭᠡᠯ ᠂ ᠢᠷᠦᠭᠡᠯ ᠮᠠᠭᠲᠠᠭᠠᠯ ᠂ ᠪᠥᠵᠢᠭ ᠂ ᠬᠥᠭᠵᠢᠮ ᠂ ᠬᠥᠲᠦᠯᠦᠭᠴᠢ ᠵᠡᠷᠭᠡ ᠤᠯᠠᠨ ᠲᠠᠯ᠎ᠠ ᠳᠤ ᠠᠪᠢᠶᠠᠰᠤᠯᠢᠭ ᠪᠠᠢᠵᠤ ᠠᠩᠭᠢ ᠨᠢᠭᠡᠴᠡ ᠂ ᠰᠤᠷᠭᠠᠭᠤᠯᠢ ᠶᠢᠨ ᠬᠡᠪᠴᠢᠶᠡᠨ ᠤ ᠡᠯ᠎ᠡ ᠲᠥᠷᠦᠯ ᠤᠨ ᠤᠷᠤᠯᠳᠤᠭᠠᠨ ᠮᠥᠷᠦᠢᠴᠡᠭᠡᠨ ᠳᠤ ᠭᠠᠪᠰᠢᠭᠠᠢᠯᠠᠵᠤ ᠪᠠᠢᠳᠠᠭ ᠃ ᠬᠥᠲᠦᠯᠦᠭᠴᠢ ᠶᠢᠨ ᠠᠵᠢᠯ ᠳᠤ  ᠴᠦ ᠲᠤᠢᠯ ᠤᠨ ᠳᠤᠷ᠎ᠠ ᠪᠠᠬ᠎ᠠ ᠲᠠᠢ ᠲᠤᠯᠠ ᠰᠤᠷᠭᠠᠭᠤᠯᠢ ᠳᠤ ᠪᠠᠨ ᠪᠢᠴᠢᠬᠠᠨ ᠬᠥᠲᠦᠯᠦᠭᠴᠢ ᠴᠣᠯᠠ ᠲᠠᠢ ᠶᠤᠮ ᠃ ᠰᠤᠷᠭᠠᠭᠤᠯᠢ ᠶᠢᠨ ᠢᠶᠠᠨ ᠰᠢᠨ᠎ᠡ ᠵᠢᠯ ᠢᠶᠠᠨ ᠤᠭᠲᠤᠬᠤ ᠲᠠᠭᠤᠨ ᠤ ᠮᠥᠷᠦᠢᠴᠡᠭᠡᠨ ᠂ 《6.1 》 ᠤ ᠨᠠᠢᠷ ᠵᠡᠷᠭᠡ ᠶᠢ ᠤᠯᠠᠨ ᠤᠳᠠᠭ᠎ᠠ ᠬᠦᠲᠦᠯᠡᠵᠦ ᠴᠡᠭᠡᠯᠬᠡᠨ ᠰᠠᠢᠬᠠᠨ ᠬᠣᠭᠤᠯᠠᠢ ᠂ ᠴᠡᠪᠡᠷ ᠰᠠᠢᠬᠠᠨ ᠬᠡᠯᠡ ᠬᠡᠯᠡᠯᠭᠡ ᠪᠠᠷ ᠢᠶᠠᠨ ᠢᠷᠦᠭᠡᠯ ᠮᠠᠭᠲᠠᠭᠠᠯ ᠤᠩᠰᠢᠵᠤ ᠤᠷ᠎ᠠ ᠠᠪᠢᠶᠠᠰ ᠢᠶᠠᠨ ᠭᠠᠢᠬᠠᠭᠤᠯᠵᠤ ᠦᠵᠡᠭᠴᠢ ᠤᠯᠠᠨ ᠤ ᠪᠠᠬᠠᠷᠬᠠᠯ ᠢ ᠲᠠᠲᠠᠵᠤ ᠦᠮᠡᠯᠵᠢ ᠶᠢᠨ ᠬᠠᠢᠷ᠎ᠠ ᠬᠦᠷᠲᠡᠵᠦ ᠪᠠᠢᠭᠰᠠᠨ ᠃ 2007 ᠤᠨ ᠤ ᠰᠤᠷᠭᠠᠭᠤᠯᠢ ᠶᠢᠨ ᠰᠢᠨ᠎ᠡ ᠵᠢᠯ ᠢᠶᠠᠨ ᠤᠭᠲᠤᠬᠤ 《 ᠬᠥᠭᠡᠷᠦᠬᠦᠨ ᠪᠠᠭᠠᠴᠤᠳ 》 ᠲᠠᠭᠤᠨ ᠤ ᠮᠥᠷᠦᠢᠴᠡᠭᠡᠨ ᠳᠤ ᠰᠢᠯᠢᠳᠡᠭ ᠨᠡᠷ᠎ᠡ ᠪᠠᠷ ᠱᠠᠩᠨᠠᠭᠳᠠᠵᠤ ᠂ 2008 ᠣᠨ ᠤ 《 6.1 》 ᠤ 《 ᠪᠦᠬᠦ ᠤᠯᠤᠰ ᠤᠨ ᠪᠠᠭᠠᠴᠤᠳ ᠬᠡᠦᠬᠡᠳ ᠤᠨ ᠤᠷᠠᠨ ᠵᠢᠷᠤᠭ ᠤᠨ ᠮᠥᠷᠦᠢᠴᠡᠭᠡᠨ ᠳᠤ 《 ᠲᠠᠪᠤᠨ ᠬᠣᠰᠢᠭᠤ ᠮᠠᠯ 》 ᠤᠨ ᠵᠢᠷᠤᠭ ᠨᠢ ᠠᠯᠲᠠᠨ ᠮᠧᠲ᠋ᠸᠯ ᠣᠯᠵᠤ ᠲᠤᠰ ᠵᠢᠯ ᠤᠨ ᠨᠠᠢ᠍ᠮᠠᠨ ᠰᠠᠷ᠎ᠠ ᠳᠤ ᠡᠭᠦᠨ ᠤ ᠲᠤᠬᠠᠢ ᠤᠯᠠᠭᠠᠨᠬᠠᠳᠠ ᠶᠢᠨ ᠷᠠᠳᠢᠣ᠋ ᠬᠣᠷᠢᠶ᠎ᠠ ᠶᠢᠨ ᠠᠯᠳᠠᠨᠪᠤᠯᠠᠭ ᠡᠴᠡ ᠰᠠᠨᠰᠠᠷ ᠲᠣ ᠲᠤᠰᠭᠠᠢ ᠰᠤᠷᠪᠤᠯᠵᠢᠯᠠᠭ᠎ᠠ ᠬᠢᠵᠦ ᠲᠡᠷᠡ 《 ᠡᠬᠡ ᠬᠡᠯᠡ ᠮᠢᠨᠢ 》 ᠭᠡᠳᠡᠭ ᠲᠤᠰᠭᠠᠢ ᠰᠡᠳᠦᠪ ᠢᠶᠠᠷ ᠶᠠᠷᠢᠶ᠎ᠠ ᠬᠢᠭᠰᠡᠨ ᠪᠠᠢᠨ᠎ᠠ ᠃ 2009 ᠣᠨ ᠤ 8 ᠰᠠᠷ᠎ᠠ ᠳᠤ ᠪᠠᠭᠠᠷᠢᠨ ᠵᠡᠭᠦᠨ ᠬᠣᠰᠢᠭᠤᠨ ᠤ ᠳᠥᠷᠪᠡᠳᠦᠭᠡᠷ ᠬᠤᠭᠤᠴᠠᠭᠠᠨ ᠤ 《 ᠦᠨᠳᠦᠰᠦᠲᠡᠨ ᠤ ᠳᠤᠮᠳᠠᠳᠤ ᠪᠠᠭ᠎ᠠ ᠰᠤᠷᠭᠠᠭᠤᠯᠢ ᠶᠢᠨ ᠬᠡᠪ ᠴᠢᠨᠠᠷ ᠤᠨ ᠰᠤᠷᠭᠠᠨ ᠬᠥᠮᠦᠵᠢᠯ ᠤᠨ ᠦᠷ᠎ᠡ ᠪᠦᠲᠦᠭᠡᠯ ᠤᠨ ᠳᠡᠯᠭᠡᠨ ᠦᠵᠡᠭᠦᠯᠦᠯᠭᠡ ᠵᠢᠴᠢ ᠤᠷᠠᠯᠢᠭ ᠤᠨ ᠨᠠᠢᠷ 》 ᠲᠣ ᠭᠤᠷᠪᠠᠨ ᠬᠡᠯᠡᠨ ᠤ ᠶᠠᠷᠢᠶ᠎ᠠ ᠢᠯᠡᠳᠭᠡᠯ ᠲᠣ ᠲᠡᠷᠢᠭᠦᠨ ᠨᠡᠷ᠎ᠡ  ᠪᠠᠷ ᠮᠢᠯᠢᠶᠠᠯᠭᠠᠵᠤ ᠂ 2009 ᠣᠨ ᠤ 5 ᠰᠠᠷ᠎ᠠ ᠶᠢᠨ 10 ᠤ ᠡᠳᠦᠷ ᠪᠠᠭᠠᠷᠢᠨ ᠵᠡᠭᠦᠨ ᠬᠣᠰᠢᠭᠤᠨ ᠤ 《 ᠰᠤᠷᠭᠠᠨ ᠬᠥᠮᠦᠵᠢᠯ ᠤᠨ ᠲᠣᠪᠴᠢᠶ᠎ᠠ 》 ᠡᠴᠡ 《 ᠡᠵᠢ ᠶᠢᠨ ᠪᠠᠶᠠᠷ ᠤᠨ ᠡᠳᠦᠷ 》 ᠲᠣ ᠵᠣᠷᠢᠭᠤᠯᠵᠤ ᠡᠷᠬᠢᠯᠡᠨ ᠶᠠᠪᠤᠭᠳᠠᠭᠤᠯᠤᠭᠰᠠᠨ ᠶᠠᠷᠢᠶ᠎ᠠ ᠢᠯᠡᠳᠭᠡᠯ ᠤᠨ ᠤᠷᠤᠯᠳᠤᠭᠠᠨ ᠳᠤ 《 ᠡᠵᠢ ᠶᠢᠨ ᠠᠴᠢ ᠶᠢ ᠬᠠᠷᠢᠭᠤᠯᠬᠤ ᠨᠢ 》 ᠭᠡᠳᠡᠭ ᠪᠦᠲᠦᠭᠡᠯ ᠢᠶᠠᠷ ᠢᠶᠠᠨ ᠣᠨᠴᠠ ᠲᠡᠰ ᠤᠨ ᠱᠠᠩᠨᠠᠯ ᠲᠤᠰᠴᠠᠢ ᠃ ᠰᠠᠨᠰᠠᠷ ᠬᠦᠦ 2010 ᠣᠨ ᠤ ᠨᠠᠮᠤᠷ ᠰᠢᠯᠢᠳᠡᠭ ᠰᠠᠢᠨ ᠬᠢᠷᠢ ᠪᠦᠲᠦᠮᠵᠢ ᠪᠠᠷ ᠪᠠᠭ᠎ᠠ ᠰᠤᠷᠭᠠᠭᠤᠯᠢ ᠪᠠᠨ ᠲᠡᠭᠦᠰᠴᠦ ᠯᠢᠨᠳᠦ᠋ᠩ ᠤᠨ ᠮᠣᠩᠭᠤᠯ ᠳᠤᠮᠳᠠᠳᠤ ᠰᠤᠷᠭᠠᠭᠤᠯᠢ ᠶᠢᠨ ᠠᠩᠬ᠎ᠠ ᠨᠢᠭᠡᠳᠦᠭᠡᠷ ᠣᠨ ᠳᠤ ᠡᠯᠰᠡᠭᠳᠡᠵᠦ ᠰᠤᠳᠤᠪᠢᠯᠢᠭ ᠪᠠᠭᠰᠢ ᠶᠢᠨ ᠠᠩᠭᠢ ᠶᠢᠨ ᠰᠤᠷᠤᠭᠴᠢ ᠨᠢ ᠪᠣᠯᠤᠭᠰᠠᠨ ᠶᠤᠮ ᠃ ᠲᠡᠷᠡ ᠠᠩᠭᠢ ᠳᠤ ᠪᠠᠨ ᠰᠤᠷᠤᠯᠭ᠎ᠠ ᠶᠢᠨ ᠲᠠᠯ᠎ᠠ ᠪᠠᠷ ᠴᠢᠷᠮᠠᠢᠬᠤ ᠪᠠᠷ ᠪᠠᠷᠠᠬᠤ ᠦᠭᠡᠢ ᠡᠯ᠎ᠡ ᠵᠦᠢᠯ ᠤᠨ ᠬᠥᠳᠡᠯᠭᠡᠭᠡᠨ ᠮᠥᠷᠦᠢᠴᠡᠭᠡᠨ ᠳᠤ ᠢᠳᠡᠪᠬᠢᠯᠡᠨ ᠣᠷᠤᠯᠴᠠᠵᠤ ᠤᠯᠠᠨ ᠤᠳᠠᠭ᠎ᠠ ᠶᠢᠨ ᠶᠠᠷᠢᠶ᠎ᠠ ᠢᠯᠡᠳᠭᠡᠯ ᠤᠨ ᠮᠥᠷᠦᠢᠴᠡᠭᠡᠨ ᠳᠤ ᠲᠡᠷᠢᠭᠦᠨ ᠱᠠᠩᠨᠠᠯ ᠢ ᠲᠤᠰᠤᠭᠰᠠᠨ ᠪᠠᠢᠨ᠎ᠠ ᠃ ᠲᠡᠷᠡ ᠮᠠᠨᠢ ᠤᠷᠠᠨ ᠴᠡᠭᠡᠯᠬᠡᠨ ᠬᠣᠭᠤᠯᠠᠢ ᠪᠠᠷ ᠢᠶᠠᠨ ᠰᠢᠯᠦᠭ ᠳᠠᠭᠤᠤ ᠪᠠᠨ ᠤᠶᠠᠩᠭᠠᠯᠠᠵᠤ ᠂ ᠬᠣᠯᠪᠤᠭ᠎ᠠ ᠢᠷᠦᠭᠡᠯ ᠤᠷᠤᠰᠭᠠᠵᠤ ᠂ ᠬᠦᠩᠭᠢᠨᠡᠮ᠎ᠡ ᠰᠠᠢᠬᠠᠨ ᠮᠣᠷᠢᠨ ᠬᠤᠭᠤᠷ ᠤᠨ ᠡᠭᠡᠰᠢᠭ ᠢᠶᠠᠷ ᠢᠶᠠᠨ ᠬᠠᠮᠲᠤ ᠤᠯᠠᠨ ᠢᠶᠠᠨ ᠪᠠᠶᠠᠷᠯᠠᠭᠤᠯᠵᠤ ᠂ ᠬᠥᠲᠦᠯᠦᠭᠴᠢ ᠶᠢᠨ ᠲᠠᠢᠰᠠᠨ᠎ᠠ ᠥᠪᠡᠷ ᠤᠨ ᠤᠷ᠎ᠠ ᠴᠢᠳᠠᠪᠤᠷᠢ ᠠᠪᠢᠶᠠᠰ ᠪᠢᠯᠢᠭ᠌ ᠢᠶᠠᠨ ᠭᠦᠢᠴᠡᠳ ᠪᠠᠳᠠᠷᠠᠭᠤᠯᠵᠤ ᠂ ᠪᠠᠭᠰᠢ ᠨᠠᠷ ᠤᠨ ᠢᠶᠠᠨ ᠰᠤᠷᠭᠠᠭᠰᠠᠨ ᠬᠥᠮᠦᠨ ᠪᠣᠯᠬᠤ ᠶᠣᠰᠤᠨ ᠤ ᠠᠯᠳᠠ ᠮᠡᠲᠦ ᠰᠤᠷᠭᠠᠯ ᠢ ᠬᠡᠬᠦᠳᠡᠭ ᠵᠢᠷᠦᠬᠡᠨ ᠳᠤ ᠪᠠᠨ ᠬᠠᠳᠠᠭᠠᠯᠠᠵᠤ ᠶᠠᠪᠤᠨ᠎ᠠ ᠃ 2011 ᠣᠨ ᠤ 6 ᠰᠠᠷ᠎ᠠ ᠶᠢᠨ16 ᠳᠤ ᠪᠣᠯᠤᠭᠰᠠᠨ 《 ᠪᠠᠭᠠᠷᠢᠨ ᠵᠡᠭᠦᠨ ᠬᠣᠰᠢᠭᠤᠨ ᠤ ᠲᠠᠪᠤᠳᠤᠭᠠᠷ ᠬᠤᠭᠤᠴᠠᠭᠠᠨ ᠤ ᠦᠨᠳᠦᠰᠦᠲᠡᠨ ᠤ ᠳᠤᠮᠳᠠᠳᠤ ᠪᠠᠭ᠎ᠠ ᠰᠤᠷᠭᠠᠭᠤᠯᠢ ᠶᠢᠨ ᠬᠡᠪ ᠴᠢᠨᠠᠷ ᠤᠨ ᠰᠤᠷᠭᠠᠨ ᠬᠥᠮᠦᠵᠢᠯ ᠤᠨ ᠦᠷ᠎ᠡ ᠪᠦᠲᠦᠭᠡᠯ ᠤᠨ ᠳᠡᠯᠭᠡᠨ ᠦᠵᠡᠭᠦᠯᠦᠯᠬᠡ 》 ᠶᠢᠨ ᠮᠥᠷᠦᠢᠴᠡᠭᠡᠨ ᠳᠤ ᠠᠩᠬ᠎ᠠ ᠳᠤᠮᠳᠠᠳᠤ ᠶᠢᠨ ᠳᠤᠭᠤᠢᠯᠠᠩ ᠳᠤ  ᠪᠠᠨ 《 ᠭᠤᠷᠪᠠᠨ ᠬᠡᠯᠡ 》 ᠶᠢᠨ ᠶᠠᠷᠢᠶ᠎ᠠ ᠢᠯᠡᠳᠭᠡᠯ ᠢᠶᠠᠷ ᠢᠶᠠᠨ ᠲᠡᠷᠢᠭᠦᠨ ᠨᠡᠷ᠎ᠡ ᠲᠣ ᠣᠷᠤᠭᠰᠠᠨ ᠮᠥᠷᠲᠡᠭᠡᠨ 《 ᠲᠦᠮᠡᠨ ᠠᠭᠲᠠ ᠶᠢᠨ ᠲᠦᠪᠡᠷᠭᠡᠨ 》 ᠭᠡᠬᠦ ᠮᠣᠷᠢᠨ ᠬᠤᠭᠤᠷ ᠤᠨ ᠬᠥᠭᠵᠢᠮ ᠨᠢ ᠨᠢᠭᠡᠳᠦᠭᠡᠷ ᠨᠡᠷ᠎ᠡ ᠲᠣ ᠣᠷᠤᠭᠰᠠᠨ ᠪᠠᠢᠨ᠎ᠠ ᠃ 2011 ᠣᠨ ᠤ7 ᠰᠠᠷ᠎ᠠ ᠳᠤ ᠤᠯᠠᠭᠠᠨᠬᠠᠳᠠ ᠬᠤᠳᠠ ᠶᠢᠨ ᠦᠨᠳᠦᠰᠦᠲᠡᠨ ᠤ ᠳᠤᠮᠳᠠᠳᠤ ᠪᠠᠭ᠎ᠠ ᠰᠤᠷᠭᠠᠭᠤᠯᠢ ᠶᠢᠨ 《 ᠬᠡᠪ ᠴᠢᠨᠠᠷ ᠤᠨ ᠰᠤᠷᠭᠠᠨ ᠬᠥᠮᠦᠵᠢᠯ ᠤᠨ ᠦᠷ᠎ᠡ ᠪᠦᠲᠦᠮᠵᠢ ᠶᠢᠨ ᠦᠵᠡᠭᠦᠯᠦᠯᠭᠡ ᠶᠢᠨ ᠴᠢᠭᠤᠯᠭᠠᠨ 》 ᠳᠤ ᠬᠢᠲᠠᠳ ᠬᠡᠯᠡᠨ ᠤ ᠶᠠᠷᠢᠶ᠎ᠠ ᠢᠯᠡᠳᠭᠡᠯ ᠨᠢ ᠨᠢᠭᠡᠳᠦᠭᠡᠷ ᠲᠣ ᠣᠷᠤᠵᠤ 《 ᠲᠦᠮᠡᠨ ᠠᠭᠲᠠ ᠶᠢᠨ ᠲᠦᠪᠡᠷᠭᠡᠨ 》 ᠭᠡᠬᠦ ᠮᠣᠷᠢᠨ ᠬᠤᠭᠤᠷ ᠤᠨ ᠬᠥᠭᠵᠢᠮ ᠨᠢ ᠭᠤᠷᠪᠠᠳᠤᠭᠠᠷ ᠨᠡᠷ᠎ᠡ ᠳᠤ ᠣᠷᠤᠵᠤ ᠂ ᠬᠣᠰᠢᠭᠤ ᠪᠤᠯᠤᠨ ᠰᠤᠷᠭᠠᠭᠤᠯᠢ ᠳᠤ ᠪᠠᠨ ᠥᠩᠭᠡ ᠭᠡᠷᠡᠯ ᠨᠡᠮᠡᠷᠢᠯᠡᠭᠰᠡᠨ ᠪᠠᠢᠨ᠎ᠠ ᠃ 2012 ᠣᠨ ᠤ6 ᠰᠠᠷ᠎ᠠ ᠳᠤ ᠪᠣᠯᠤᠭᠰᠠᠨ ᠪᠦᠬᠦ ᠤᠯᠤᠰ ᠤᠨ ᠬᠣᠷᠢᠨ ᠭᠤᠷᠪᠠᠳᠤᠭᠠᠷ ᠬᠤᠭᠤᠴᠠᠭᠠᠨ ᠤ 《 ᠬᠦᠰᠡᠯᠡᠩᠲᠦ ᠬᠤᠨᠳᠠᠭ᠎ᠠ 》 ᠲᠣᠭᠠᠨ ᠤ ᠮᠥᠷᠦᠢᠴᠡᠭᠡᠨ ᠳᠤ ᠠᠩᠬ᠎ᠠ ᠬᠣᠶᠠᠷ ᠤᠨ ᠳᠤᠭᠤᠢᠯᠠᠩ ᠳᠤ ᠪᠠᠨ ᠨᠢᠭᠡᠳᠦᠭᠡᠷ ᠨᠡᠷ᠎ᠡ ᠳᠤ ᠣᠷᠤᠵᠤ ᠲᠣᠭ᠎ᠠ ᠵᠢᠭᠠᠳᠠᠭ ᠨᠠᠷᠠᠨᠳᠤᠶᠠᠭ᠎ᠠ ᠪᠠᠭᠰᠢ ᠪᠠᠨ ᠲᠤᠢᠯ ᠦᠭᠡᠢ ᠪᠠᠶᠠᠷᠯᠠᠭᠤᠯᠵᠤ ᠂ ᠠᠩᠭᠢ ᠶᠢᠨ ᠪᠠᠭᠰᠢ ᠰᠤᠳᠤᠪᠢᠯᠢᠭ ᠶᠢᠨ ᠠᠩᠭᠢ ᠶᠢᠨ ᠠᠵᠢᠯ ᠂ ᠦᠢᠯᠡᠰ ᠬᠠᠷᠭᠤᠢ ᠳᠤ ᠨᠢ ᠦᠪᠡᠳᠡᠭᠰᠢ ᠬᠦᠴᠦᠨ ᠨᠡᠮᠡᠭᠳᠡᠭᠰᠡᠨ ᠪᠠᠢᠨ᠎ᠠ ᠃ ᠨᠢᠳᠤᠨᠤᠨ ᠪᠠᠭᠠᠷᠢᠨ ᠵᠡᠭᠦᠨ ᠬᠣᠰᠢᠭᠤᠨ ᠤ ᠬᠠᠩᠭᠠᠢ ᠵᠠᠯᠠᠭᠤ ᠶᠢᠨ ᠮᠣᠩᠭᠤᠯ ᠢᠶᠠᠷ ᠵᠢᠷᠤᠭᠯᠠᠨ ᠲᠥᠯᠦᠪᠯᠡᠵᠦ ᠦᠢᠯᠡᠳᠦᠭᠰᠡᠨ ᠠᠷᠪᠠᠨ ᠵᠢᠷᠭᠤᠭᠠᠨ ᠪᠦᠯᠦᠭᠲᠦ ᠬᠡᠦᠬᠡᠯᠲᠠᠢ ᠵᠦᠴᠦᠭᠡ 《 ᠪᠣᠨᠳᠤᠭᠤᠷ ᠬᠦᠦ ᠶᠢᠨ ᠪᠠᠶᠠᠰᠤᠯᠲᠤ ᠠᠮᠢᠳᠤᠷᠠᠯ 》 ᠳᠤ ᠬᠦᠳᠡᠷ ᠬᠦᠦ ᠶᠢᠨ ᠠᠪᠢᠶᠠᠯᠠᠭᠴᠢ ᠪᠠᠷ ᠲᠣᠭᠯᠠᠵᠠᠢ ᠃ ᠪᠣᠳᠠᠲᠤ ᠠᠮᠢᠳᠤᠷᠠᠯ ᠳᠤᠮᠳᠠᠬᠢ ᠪᠣᠨᠲᠤᠭᠤᠷ ᠬᠦᠦ ᠰᠠᠨᠰᠠᠷ ᠣᠳᠤ ᠤᠯᠠᠨ ᠲᠠᠯ᠎ᠠ ᠳᠤ ᠳᠤᠷ᠎ᠠ ᠪᠠᠬ᠎ᠠ ᠲᠠᠢ ᠪᠠᠢᠭᠰᠠᠨ ᠴᠦ ᠴᠠᠭ ᠢᠶᠠᠨ ᠰᠠᠢᠲᠤᠷ ᠠᠰᠢᠭᠯᠠᠵᠤ ᠰᠤᠷᠤᠯᠭ᠎ᠠ ᠪᠠᠨ ᠨᠥᠯᠦᠭᠡᠯᠡᠬᠦ ᠦᠭᠡᠢ ᠶᠢ ᠬᠢᠴᠢᠶᠡᠵᠦ ᠂ ᠬᠢᠴᠢᠶᠡᠯ  ᠢᠶᠠᠨ ᠤᠷᠢᠳᠴᠢᠯᠡᠨ ᠰᠤᠷᠬᠤ ᠂ ᠬᠢᠴᠢᠶᠡᠯ ᠳᠡᠭᠡᠷ᠎ᠡ ᠪᠠᠭᠰᠢ ᠶᠢᠨ ᠢᠶᠠᠨ ᠲᠠᠢᠯᠪᠤᠷᠢᠯᠠᠬᠤ ᠶᠢ ᠰᠠᠢᠲᠤᠷ ᠰᠣᠨᠤᠰᠬᠤ ᠂ ᠳᠠᠰᠭᠠᠯ ᠳᠠᠭᠠᠭᠠᠯᠭᠠᠪᠤᠷᠢ ᠪᠠᠨ ᠴᠠᠭ ᠲᠤᠬᠠᠢ ᠳᠤ ᠨᠢ ᠬᠢᠬᠦ ᠂ ᠨᠠᠷᠢᠨ ᠬᠢᠨᠠᠮᠠᠭᠠᠢ ᠲᠡᠮᠳᠡᠭᠯᠡᠯ ᠬᠢᠵᠦ ᠂ ᠬᠡᠵᠢᠶ᠎ᠡ ᠂ ᠬᠠᠮᠢᠭ᠎ᠠ ᠂ ᠶᠠᠮᠠᠷ ᠴᠠᠭ ᠲᠣ ᠴᠢᠭᠯᠡᠯ ᠢᠶᠠᠨ ᠶᠡᠷᠦ ᠠᠯᠳᠠᠭ᠎ᠠ ᠦᠭᠡᠢ ᠮᠠᠬᠠᠷᠠᠨ ᠴᠢᠷᠮᠠᠢᠵᠤ ᠂ ᠰᠠᠨᠠᠭ᠎ᠠ ᠳᠦᠭᠦᠷᠡᠩ ᠂ ᠰᠡᠳᠭᠢᠯ ᠥᠶᠦᠭ ᠂ ᠢᠲᠡᠭᠡᠯ ᠲᠡᠭᠦᠯᠳᠡᠷ ᠢᠶᠠᠷ ᠳᠠᠷᠠᠭ᠎ᠠ ᠵᠢᠯ ᠤᠨ ᠠᠩᠬ᠎ᠠ ᠳᠤᠮᠳᠠᠳᠤ ᠪᠠᠨ ᠲᠡᠭᠦᠰᠬᠦ ᠰᠢᠯᠭᠠᠯᠲᠠ ᠳᠤ ᠰᠣᠳᠤᠨ ᠬᠢᠷᠢ ᠪᠦᠲᠦᠮᠵᠢ ᠠᠪᠴᠢᠷᠠᠬᠤ ᠪᠠᠷ ᠳᠥᠷᠦᠭᠡ ᠴᠢᠩᠭᠠᠯᠠᠨ᠎ᠠ ᠃

ᠵᠣᠬᠢᠶᠠᠭᠴᠢ ᠄  ᠽᠠᠨᠳᠠᠨ

ᠯᠢᠨᠳᠦ᠋ᠩ  ᠤᠨ ᠮᠣᠩᠭᠤᠯ ᠪᠠᠭ᠎ᠠ ᠰᠤᠷᠭᠠᠭᠤᠯᠢ  ᠶᠢᠨ ᠽᠠᠨᠳᠠᠨ ᠪᠠᠭᠰᠢ ᠮᠡᠳᠡᠭᠡᠯᠡᠪᠠ ᠃

ᠡᠮᠦᠨᠡᠬᠢ ᠵᠣᠬᠢᠶᠠᠯᠵᠣᠬᠢᠶᠠᠯ ᠦᠭᠡᠢ ᠪᠣᠯᠵᠠᠢ
ᠳᠠᠷᠠᠭᠠᠬᠢ ᠵᠣᠬᠢᠶᠠᠯᠦᠢᠯᠡᠰ  ᠤᠨ ᠴᠡᠩᠬᠡᠷ ᠬᠠᠷᠭᠤᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
蒙ICP备14003075号
通信地址:巴林左旗教师进修学校蒙文部 哈那格尔 联系电话:13214869655
Copyright © www.balinedu.com All Right Reserved.内蒙古德力海信息技术有限公司技术支持