ᠲᠤᠰᠭᠠᠢ ᠮᠡᠳᠡᠭᠡ
ᠦᠢᠯᠡᠰ  ᠤᠨ ᠴᠡᠩᠬᠡᠷ ᠬᠠᠷᠭᠤᠢ
2014.10.18 ᠲᠣᠰ ᠥᠷᠲᠡᠭᠡᠨ ᠦ ᠨᠠᠢᠷᠠᠭᠤᠯᠤᠭᠴᠢ

ᠦᠢᠯᠡᠰ  ᠤᠨ ᠴᠡᠩᠬᠡᠷ ᠬᠠᠷᠭᠤᠢ ᠪᠠᠶᠠᠠᠠᠭᠤᠯᠠ ᠶᠢᠨ ᠠᠷᠢᠭᠤᠨ ᠪᠠᠭᠰᠢ  ᠶᠢ ᠲᠡᠮᠳᠡᠭᠯᠡᠪᠡ ᠥᠰᠬᠦ  ᠶᠢᠨ ᠰᠠᠢᠬᠠᠨ ᠢᠶᠡᠷ ᠦᠩᠭᠡᠵᠢᠨ ᠵᠢᠪᠬᠤᠵᠢᠭ᠎ᠠ ᠂ ᠰᠤᠷᠬᠤ  ᠶᠢᠨ ᠰᠠᠢᠬᠠᠨ  ᠢᠶᠠᠷ ᠰᠤᠶᠤᠯᠵᠢᠨ ᠭᠡᠭᠡᠷᠡᠭᠡ ᠂ ᠥᠰᠪᠦᠷᠢ  ᠶᠢᠨ ᠵᠢᠭᠠᠬᠠᠨ ᠬᠡᠦᠬᠡᠳ ᠦᠳ  ᠢᠶᠡᠨ ᠂ ᠢᠨᠢᠶᠡᠳᠦ ᠬᠠᠯᠬᠢᠭᠤᠯᠤᠭᠰᠠᠨ ᠭᠡᠨᠡᠨ ᠴᠠᠢᠯᠭᠠᠨ ᠬᠠᠷᠠᠴᠨ ᠶᠢ ᠨᠢ ᠰᠢᠷᠲᠡᠨ ᠂ ᠶᠢᠷᠳᠢᠴᠤ  ᠶᠢ ᠭᠠᠢᠬᠠᠭᠰᠠᠨ ᠤᠯᠠᠨ ᠨᠢᠯᠬᠠᠰᠠᠭ ᠠᠰᠠᠭᠤᠯᠳᠨ ᠦᠳ ᠢ ᠨᠢ ᠰᠣᠨᠤᠰᠤᠨ ᠪᠠᠶᠠᠰᠴᠤ ᠂ ᠦᠢᠯᠡᠰᠴᠢ ᠬᠥᠮᠦᠨ  ᠤ ᠡᠷᠬᠢᠮ ᠬᠠᠷᠢᠭᠤᠴᠠᠯᠭ᠎ᠠ ᠂ ᠪᠠᠭᠰᠢ ᠬᠥᠮᠦᠨ ᠤ ᠨᠠᠨᠳᠢᠨ ᠰᠤᠷᠲᠠᠯ  ᠢᠶᠡᠷ ᠠᠵᠢᠯ ᠦᠢᠯᠡᠰ  ᠤᠨ  ᠢᠶᠡᠨ ᠲᠥᠯᠦᠭᠡ ᠭᠡᠵᠦ ᠭᠠᠪᠰᠢᠭᠠᠢᠯᠠᠨ ᠱᠢᠭᠤᠷᠬᠠᠢᠯᠠᠵᠤ ᠶᠠᠪᠤᠭ᠎ᠠ ᠠᠷᠢᠭᠤᠨ ᠪᠠᠭᠰᠢ ᠪᠣᠯ ᠵᠠᠯᠠᠭᠤ ᠬᠥᠮᠦᠨ  ᠤ ᠵᠣᠷᠢᠮᠠᠭ ᠪᠣᠳᠤᠯ ᠂ ᠡᠭᠦᠳᠦᠯᠴᠢ ᠰᠡᠳᠭᠢᠮᠵᠢ ᠲᠠᠢ ᠂ ᠠᠵᠢᠯ ᠳᠤ ᠪᠠᠨ ᠳᠠᠳᠮᠠᠭᠠᠢ ᠂ ᠦᠢᠯᠡᠰ ᠲᠤ ᠪᠡᠨ ᠰᠢᠭᠤᠳᠠᠮᠠᠭᠠᠢ ᠡᠭᠡᠯ ᠵᠢᠷ  ᠤᠨ ᠨᠢᠭᠡᠨ ᠴᠡᠴᠡᠷᠯᠢᠭ  ᠤᠨ ᠪᠠᠭᠰᠢ ᠪᠣᠯᠬᠤ ᠶᠤᠮ ︔ ᠠᠷᠢᠭᠤᠨ ᠬᠡᠦᠬᠡᠨ ᠲᠡᠷᠡ ᠵᠢᠯ ᠤᠨ ᠨᠠᠮᠤᠷ  ᠤᠨ ᠰᠡᠭᠦᠯ ᠰᠠᠷ᠎ᠠ  ᠶᠢᠨ ᠳᠤᠮᠳᠠᠴᠢ ᠪᠡᠷ ᠪᠠᠭᠠᠷᠢᠨ ᠵᠡᠭᠦᠨ ᠬᠣᠰᠢᠭᠤᠨ  ᠤ ᠤᠯᠠᠭᠠᠨᠳᠠᠪᠠᠭ᠎ᠠ ᠰᠤᠮᠤᠨ ᠤ ᠵᠢᠷᠦᠬᠡ  ᠶᠢᠨ ᠠᠢᠯ ᠳᠤ ᠪᠠᠢᠷᠢᠯᠠᠭᠰᠠᠨ ᠴᠥᠭᠡᠬᠡᠨ ᠰᠤᠷᠤᠭᠴᠢ ᠲᠠᠢ ᠂ ᠪᠣᠭᠤᠨᠢᠬᠠᠨ ᠪᠠᠢᠰᠢᠩ ᠲᠠᠢ ᠬᠥᠳᠡᠭᠡ  ᠶᠢᠨ ᠨᠢᠭᠡ ᠰᠤᠷᠭᠠᠭᠤᠯᠢ ᠳᠤ ᠪᠠᠭᠰᠢ  ᠶᠢᠨ ᠠᠯᠪᠠ ᠬᠠᠭᠠᠵᠤ ᠪᠠᠢᠭᠰᠠᠨ ᠰᠦᠧᠧ ᠵᠦ ᠂ ᠰᠠᠷᠠᠠᠭᠡᠷᠡᠯ ᠬᠣᠶᠠᠷ ᠪᠠᠭᠰᠢ ᠶᠢᠨ ᠬᠠᠯᠠᠭᠤᠨ ᠠᠮᠢᠳᠤᠷᠠᠯ ᠳᠤ ᠨᠢ ᠪᠦᠯᠢ ᠨᠡᠮᠡᠵᠦ ᠂ ᠬᠠᠢᠷ᠎ᠠ  ᠶᠢᠨ ᠲᠡᠭᠷᠢ ᠳᠤ ᠨᠢ ᠭᠡᠭᠡ ᠨᠡᠮᠡᠵᠦ ᠂ ᠦᠷ᠎ᠡ ᠰᠠᠨᠠᠭᠰᠠᠨ ᠬᠦᠰᠡᠯ ᠳᠤ ᠨᠢ ᠥᠬᠢᠨ ᠵᠠᠶᠠᠭ᠎ᠠ ᠬᠠᠢᠷᠠᠯᠠᠵᠤ ᠂ ᠡᠨᠡ ᠣᠷᠴᠢᠯᠠᠩ ᠳᠤ ᠮᠡᠨᠳᠦᠯᠡᠪᠡ ︔ ᠬᠥᠮᠦᠨ ᠤ ᠠᠮᠢᠳᠤᠷᠠᠯ  ᠤᠨ ᠵᠢᠷᠤᠮ ᠢᠶᠡᠷ ᠦᠷ᠎ᠡ  ᠶᠢᠨ ᠵᠢᠷᠭᠠᠯ ᠡᠳ᠋ᠯᠡᠵᠦ ᠂ ᠢᠨᠢᠶᠡᠳᠦ ᠪᠠᠶᠠᠷ ᠪᠢᠯᠬᠠᠭᠤᠯᠵᠤ ᠶᠠᠪᠤᠭ᠎ᠠ ᠬᠣᠶᠠᠷ ᠪᠠᠭᠰᠢ ᠮᠢᠨᠢ ᠬᠣᠶᠠᠳᠤᠭᠠᠷ ᠥᠬᠢᠨ  ᠤ ᠪᠡᠨ ᠡᠷᠡᠭᠦᠯ ᠡᠰᠡᠨ ᠮᠡᠨᠳᠦᠯᠡᠵᠦ ᠂ ᠦᠬᠡᠷ  ᠤᠨ ᠬᠣᠶᠠᠷ ᠡᠪᠡᠷ ᠰᠢᠭ ᠢᠵᠢᠯᠢᠬᠡᠨ ᠬᠣᠶᠠᠷ ᠥᠬᠢᠨ ᠲᠠᠢ ᠪᠣᠯᠤᠭᠰᠠᠨ ᠳᠤ ᠪᠡᠨ ᠬᠥᠯ ᠨᠢ ᠭᠠᠵᠠᠷ ᠬᠦᠷᠬᠦ ᠦᠭᠡᠢ ᠪᠠᠶᠠᠷᠯᠠᠵᠤ ᠂ ᠠᠷᠢᠭᠤᠨ ᠮᠣᠩᠭᠤᠯ  ᠤᠨ ᠬᠣᠢᠴᠢᠰ ᠮᠢᠨᠢ ᠤᠳᠤᠮ  ᠤᠨ ᠰᠤᠷᠭᠠᠯ  ᠢᠶᠡᠨ ᠲᠡᠭᠡᠳᠦᠯᠡᠵᠤ ᠂ ᠤᠭᠰᠠᠭᠠᠨ  ᠤ ᠥᠪ  ᠢᠶᠡᠨ ᠵᠠᠯᠭᠠᠮᠵᠢᠯᠠᠬᠤ ᠪᠣᠯᠲᠤᠭᠠᠢ ᠭᠡᠵᠦ << ᠠᠷᠢᠭᠤᠨ >> ᠭᠡᠳᠡᠭ ᠨᠡᠷ᠎ᠡ ᠬᠠᠢᠷᠠᠯᠠᠭᠰᠠᠨ ᠪᠢᠯᠡ ︔ ᠤᠷᠠᠯᠢᠭ ᠰᠤᠷᠤᠯᠭ᠎ᠠ ᠬᠣᠶᠠᠷ ᠳᠤ ᠡᠭᠡᠭᠡ ᠠᠳᠠᠯᠢᠬᠠᠨ ᠴᠢᠷᠮᠠᠢᠵᠤ ᠶᠠᠪᠤᠭᠰᠠᠨ ᠠᠷᠢᠭᠤᠨ ᠬᠡᠦᠬᠡᠨ1997 ᠤᠨ  ᠳᠤ ᠬᠦᠰᠡᠯ ᠬᠢᠰᠠᠯ  ᠤᠨ ᠲᠡᠭᠷᠢ ᠪᠣᠯᠤᠭᠰᠠᠨ ᠣᠷᠳᠤᠰ  ᠤᠨ ᠦᠨᠳᠦᠰᠦᠲᠡᠨ  ᠤ ᠬᠡᠦᠬᠡᠳ  ᠤᠨ ᠴᠡᠴᠡᠷᠯᠢᠭ  ᠤᠨ ᠪᠠᠭᠰᠢ  ᠶᠢᠨ ᠰᠤᠷᠭᠠᠭᠤᠯᠢ ᠳᠤ ᠥᠨᠳᠦᠷ ᠪᠦᠲᠦᠮᠵᠢ ᠪᠡᠷ ᠰᠢᠯᠭᠠᠨ ᠣᠷᠤᠵᠤ ᠂ ᠬᠡᠦᠬᠡᠳ  ᠤᠨ ᠪᠠᠭᠰᠢ ᠪᠣᠯᠤᠨ᠎ᠠ ᠭᠡᠰᠡᠨ ᠬᠦᠰᠡᠯ ᠮᠥᠷᠦᠭᠡᠳᠦᠯ  ᠤᠨ  ᠢᠶᠡᠨ ᠠᠩᠬᠠᠨ  ᠤ ᠮᠥᠷᠦᠭᠡᠳᠦᠯ  ᠢᠶᠡᠨ ᠪᠡᠶᠡᠯᠡᠭᠦᠯᠦᠭᠰᠡᠨ ᠪᠠᠢᠨ᠎ᠠ ︔ ᠠᠯᠳᠠᠷᠠᠢ ᠪᠠᠭ᠎ᠠ ᠨᠠᠰᠤᠨ  ᠡᠴᠡ ᠪᠡᠨ ᠠᠪᠤ ᠡᠵᠢ ᠬᠣᠶᠠᠷ  ᠤᠨ  ᠢᠶᠡᠨ ᠬᠠᠲᠠᠭᠤᠬᠠᠨ ᠱᠠᠭᠠᠷᠳᠠᠯᠭ᠎ᠠ ᠪᠡᠷ ᠬᠢᠴᠢᠶᠡᠯ ᠰᠤᠷᠤᠯᠭ᠎ᠠ ᠳᠤ ᠪᠡᠨ ᠴᠢᠷᠮᠠᠢᠵᠤ ᠢᠷᠡᠭᠰᠡᠨ ᠡᠴᠡ ᠰᠤᠷᠬᠤ  ᠶᠢᠨ ᠪᠠᠬ᠎ᠠ ᠳᠤ ᠬᠥᠲᠦᠯᠦᠭᠳᠡᠨ ᠂ ᠰᠤᠷᠤᠯᠭ᠎ᠠ  ᠶᠢᠨ ᠬᠠᠨᠢᠲᠠᠳ ᠲᠠᠢ ᠪᠡᠨ ᠠᠲᠠᠭ᠎ᠠ ᠲᠠᠢ ᠰᠤᠷᠬᠤ ᠪᠣᠯᠤᠭᠰᠠᠨ ᠨᠢ ᠠᠮᠢᠳᠤᠷᠠᠯ  ᠤᠨ ᠬᠢᠨᠢ ᠳᠠᠳᠭᠠᠯ ᠪᠤᠯᠤᠨ ᠬᠦᠮᠦᠵᠢᠭᠳᠡᠵᠠᠢ ︔ ᠪᠠᠭᠰᠢ  ᠶᠢᠨ ᠰᠤᠷᠭᠠᠭᠤᠯᠢ ᠳᠤ ᠰᠢᠯᠭᠠᠵᠤ ᠣᠷᠤᠭᠰᠠᠨ ᠴᠦ ᠪᠤᠰᠤᠳ  ᠤᠨ ᠲᠣᠭᠤᠰᠤᠨ ᠳᠤ ᠳᠠᠷᠤᠭᠳᠠᠬᠤ ᠦᠭᠡᠢ ᠭᠡᠰᠡᠨ ᠬᠠᠲᠠᠭᠤᠬᠠᠨ ᠪᠣᠳᠤᠯ  ᠢᠶᠡᠷ ᠰᠤᠷᠬᠤ  ᠶᠢᠨ ᠠᠶᠠᠨ  ᠢᠶᠡᠨ ᠲᠤᠭᠤᠯᠵᠤ ᠪᠠᠢᠭᠰᠠᠨ ᠡ ︕ << ᠪᠠᠭᠰᠢ>> ᠭᠡᠳᠡᠭ ᠲᠠᠭᠤ ᠠᠯᠳᠠᠷ  ᠤᠨ ᠴᠠᠭᠠᠨᠠᠬᠢ ᠭᠦᠨ ᠮᠡᠳᠡᠯᠭᠡ ᠰᠢᠷᠭᠠᠭᠤ ᠴᠢᠷᠮᠠᠢᠯᠭ᠎ᠠ ᠴᠢᠬᠤᠯᠠᠲᠠᠢ ᠪᠠᠢᠭᠰᠠᠨ  ᠢ ᠪᠠᠭᠰᠢ  ᠶᠢᠨ ᠠᠵᠢᠯ ᠲᠠᠢ ᠠᠪᠤ ᠡᠵᠢ ᠲᠠᠢ  ᠳᠤ ᠪᠡᠨ ᠲᠡᠷᠡ ᠬᠡᠨ ᠡᠴᠡ ᠴᠦ ᠢᠯᠡᠭᠦᠦ ᠣᠢᠯᠠᠭᠠᠨ᠎ᠠ ︔ ᠡᠢᠮᠦ ᠡᠴᠡ ᠲᠡᠷᠡ ᠬᠢᠴᠢᠶᠡᠯ ᠰᠤᠷᠤᠯᠭ᠎ᠠ ᠳᠤ  ᠪᠡᠨ ᠴᠢᠷᠮᠠᠢᠵᠤ ᠬᠤᠭᠤᠴᠠᠭ᠎ᠠ ᠪᠦᠷᠢ ᠨᠢᠭᠡᠳᠦᠭᠡᠷ ᠲᠡᠰ  ᠤᠨ ᠱᠠᠩᠨᠠᠯ  ᠤᠨ ᠮᠥᠩᠭᠦ ᠲᠤᠰᠳᠠᠭ ᠡᠴᠡ ᠭᠠᠳᠠᠨ᠎ᠠ ᠶᠠᠷᠢᠶ᠎ᠠ ᠢᠯᠡᠳᠭᠡᠯ ᠂ ᠵᠣᠬᠢᠶᠠᠨ ᠪᠢᠴᠢᠯᠭᠡ ᠵᠡᠷᠭᠡ ᠦᠨᠳᠦᠰᠦᠨ ᠪᠣᠯᠪᠠᠰᠤᠷᠠᠯ  ᠤᠨ ᠲᠠᠯ᠎ᠠ ᠪᠡᠷ ᠴᠤ ᠶᠡᠬᠡᠬᠡᠨ ᠬᠦᠴᠦ ᠣᠷᠤᠭᠤᠯᠤᠭᠰᠠᠨ ᠡᠴᠡ ᠰᠤᠷᠭᠠᠭᠤᠯᠢ  ᠶᠢᠨ ᠲᠡᠰ  ᠤᠨ ᠤᠷᠤᠯᠳᠦᠭᠠᠨ ᠳᠤ ᠪᠡᠨ ᠣᠯᠠᠨᠲᠠ ᠲᠡᠷᠢᠭᠦᠯᠵᠤ ᠶᠠᠪᠤᠭᠰᠠᠨ ᠪᠥᠭᠡᠳ ᠨᠡᠩ ᠢᠯᠠᠩᠭᠤᠶ᠎ᠠ 1999 ᠤᠨ ᠳᠤ ᠰᠤᠷᠭᠠᠭᠤᠯᠢ  ᠶᠢᠨ ᠲᠡᠰ ᠤᠨ ᠪᠠ ᠬᠤᠳᠠ  ᠶᠢᠨ ᠲᠠᠰ  ᠤᠨ ᠭᠤᠷᠪᠠᠨ ᠰᠠᠢᠨᠲᠠᠢ ᠰᠤᠷᠤᠭᠴᠢ ᠂ 2001 ᠣᠨ ᠤ ᠣᠷᠤᠨ  ᠤ ᠲᠠᠰ  ᠤᠨ ᠭᠤᠷᠪᠠᠨ ᠰᠠᠢᠨᠲᠠᠢ ᠰᠤᠷᠤᠭᠴᠢ ᠪᠡᠷ ᠲᠤᠰ ᠲᠤᠰ ᠰᠣᠩᠭᠤᠭᠳᠠᠭᠰᠠᠨ ᠨᠢ ᠲᠡᠭᠦᠨ  ᠤ ᠰᠢᠷᠭᠠᠭᠤ ᠬᠥᠳᠡᠯᠮᠦᠷᠢ ᠂ ᠰᠢᠨᠲᠠᠷᠠᠰᠢ  ᠦᠭᠡᠢ ᠴᠢᠷᠮᠠᠢᠯᠭ᠎ᠠ  ᠶᠢᠨ ᠬᠢᠨᠢ ᠬᠠᠷᠢᠭᠤ ᠪᠡᠯᠡᠭ ᠪᠣᠯᠬᠤ ᠶᠤᠮ ᠃ ᠡᠳᠦᠷ ᠬᠣᠨᠤᠭ  ᠤᠨ ᠡᠭᠡᠯᠵᠢᠯᠡᠯᠲᠡ ᠪᠡᠷ ᠡᠬᠡ ᠰᠤᠷᠭᠠᠭᠤᠯᠢ  ᠶᠢᠨ  ᠢᠶᠠᠨ ᠳᠥᠷᠪᠡᠨ ᠵᠢᠯ  ᠢ ᠢᠨᠢᠶᠡᠳᠦ ᠪᠠᠶᠠᠷ  ᠲᠠᠢ ᠦᠩᠭᠡᠷᠡᠬᠦᠯᠵᠤ ᠂ ᠡᠷᠳᠡᠮ  ᠤᠨ ᠶᠡᠬᠡ  ᠶᠢ ᠣᠯᠵᠤ ᠡᠪᠦᠷᠯᠡᠭᠰᠡᠨ ᠠᠷᠢᠭᠤᠨ ᠬᠡᠦᠬᠡᠨ ᠪᠠᠭᠰᠢ ᠪᠣᠯᠤᠨ᠎ᠠ ᠭᠡᠳᠡᠭ ᠠᠩᠭᠢᠷᠬᠠᠨ ᠬᠦᠰᠡᠯ  ᠢᠶᠠᠨ ᠪᠡᠶᠡᠯᠡᠭᠦᠯᠬᠦ ᠪᠡᠷ ᠡᠯᠢᠭᠡᠨ ᠨᠤᠲᠤᠭ ᠵᠡᠭᠦᠨ ᠪᠠᠭᠠᠷᠢᠨ ᠳᠦ ᠪᠠᠨ ᠪᠤᠴᠠᠯ᠎ᠠ ᠃ ᠠᠵᠢᠯ  ᠤᠨ ᠬᠤᠪᠢᠶᠠᠷᠠᠯᠳᠠ ᠪᠡᠷ ᠪᠠᠭᠠᠷᠢᠨ ᠵᠡᠭᠦᠨ ᠬᠣᠰᠢᠭᠤᠨ  ᠤ ᠬᠤᠭᠤᠯᠳᠤ ᠰᠢᠶᠠᠩ  ᠤᠨ ᠤᠯᠠᠭᠠᠨᠳᠠᠪᠠᠭ᠎ᠠ  ᠳᠡᠬᠢ ᠭᠠᠴᠠᠭᠠᠨ ᠲᠡᠰ  ᠤᠨ ᠰᠤᠷᠭᠠᠭᠤᠯᠢ ᠳᠦ ᠠᠩᠬᠠᠨ  ᠤ ᠠᠵᠢᠯ  ᠤᠨ ᠭᠠᠷᠤᠭ᠎ᠠ ᠪᠠᠨ ᠠᠪᠴᠤ ᠂ ᠪᠤᠢᠳᠠ ᠨᠤᠲᠤᠭ  ᠤᠨ ᠪᠠᠭᠠᠬᠠᠨ ᠰᠤᠷᠭᠠᠭᠤᠯᠢ  ᠶᠢ ᠴᠣ᠋ ᠪᠠᠰᠤᠭ᠎ᠠ ᠦᠭᠡᠢ ᠪᠠᠭᠰᠢ ᠭᠡᠳᠡᠭ ᠲᠠᠷᠬᠠᠨ ᠡᠭᠦᠷᠭᠡ ᠪᠠᠨ ᠪᠡᠶᠡᠯᠡᠭᠦᠯᠦᠭᠰᠡᠨ ᠳᠦ ᠪᠠᠨ ᠣᠮᠤᠭᠰᠢᠨ᠎ᠠ ᠃ ᠠᠷᠢᠭᠤᠨ ᠪᠠᠭᠰᠢ ᠶᠡᠬᠡ  ᠶᠢ ᠪᠦᠲᠦᠭᠡᠨ᠎ᠡ ᠭᠡᠵᠦ ᠪᠣᠳᠤᠳᠠᠭ ᠵᠠᠯᠠᠭᠤ ᠬᠥᠮᠦᠨ  ᠤ ᠠᠷᠠᠨᠰᠢᠨ  ᠢᠶᠠᠷ ᠳᠠᠭᠠᠭᠠᠴᠢᠯᠠᠵᠤ ᠠᠪᠤᠭᠰᠠᠨ ᠠᠩᠭ᠍ᠯᠢ ᠬᠡᠯᠡ᠂ ᠲᠠᠭᠤᠨ  ᠤ ᠬᠢᠴᠢᠶᠡᠯ  ᠢᠶᠠᠷ ᠵᠣᠭᠰᠤᠳᠠᠭ ᠦᠭᠡᠢ 2002 ᠣᠨ ᠡᠴᠡ ᠰᠤᠷᠭᠠᠭᠤᠯᠢ  ᠶᠢᠨ ᠢᠶᠡᠨ ᠡᠪᠯᠡᠯ  ᠤᠨ ᠡᠭᠦᠷ  ᠤᠨ ᠱᠦᠵᠢ  ᠶᠢᠨ ᠠᠵᠢᠯ  ᠢ ᠬᠠᠷᠢᠭᠤᠴᠠᠭᠰᠠᠨ ᠡᠴᠡ ᠬᠣᠢᠰᠢ ᠰᠤᠷᠭᠠᠭᠤᠯᠢ ᠶᠢᠨ ᠬᠥᠳᠡᠯᠭᠡᠭᠡᠨ ᠠᠵᠢᠯᠯᠠᠭᠠᠨ ᠤ ᠠᠭᠤᠯᠭ᠎ᠠ ᠂ ᠬᠡᠯᠪᠡᠷᠢ ᠂ ᠪᠦᠲᠦᠴᠡ ᠳᠤ ᠴᠣ᠋ ᠡᠭᠦᠳᠦᠯᠲᠡ ᠪᠦᠲᠦᠭᠡᠯᠲᠡ ᠪᠡ ᠦᠭᠡᠷᠴᠢᠯᠡᠯᠳᠡ ᠰᠢᠨᠡᠴᠢᠯᠠᠯᠳᠡ  ᠶᠢᠨ ᠥᠩᠭᠡ ᠠᠶᠠᠰ ᠨᠡᠮᠡᠷᠢᠯᠡᠭᠰᠡᠨ ᠪᠠᠢᠨ᠎ᠠ ᠃ ᠲᠡᠷᠡ ᠥᠪᠡᠷ  ᠤᠨ ᠪᠡᠶ᠎ᠡ ᠪᠡᠷ  ᠢᠶᠠᠨ ᠬᠢᠴᠢᠶᠡᠯ  ᠤᠨ ᠭᠠᠳᠠᠨᠠᠬᠢ ᠬᠥᠭᠵᠢᠮ ᠂ ᠪᠥᠵᠢᠭ  ᠤᠨ ᠳᠤᠷ᠎ᠠ ᠰᠣᠨᠢᠷᠬᠠᠯᠲᠤ ᠬᠥᠳᠡᠯᠭᠡᠭᠡᠨ  ᠢ ᠵᠢᠯᠤᠭᠤᠳᠤᠨ ᠪᠠᠶᠠᠷ ᠬᠦᠷ  ᠲᠡᠢ ᠰᠢᠨ᠎ᠡ ᠣᠷᠴᠢᠨ ᠢ ᠪᠤᠢ ᠪᠣᠯᠭᠠᠭᠰᠠᠨ ᠮᠥᠷᠲᠡᠭᠡᠨ ᠪᠦᠬᠦ ᠰᠢᠶᠠᠩ  ᠤᠨ ᠵᠢᠯ ᠪᠣᠯᠭᠠᠨ ᠶᠠᠪᠤᠭᠳᠠᠬᠤ ᠤᠷᠠᠯᠢᠭ  ᠤᠨ ᠨᠠᠢᠷ ᠳᠦ ᠥᠨᠳᠦᠷ ᠬᠤᠪᠢ ᠪᠡᠷ ᠦᠵᠦᠭᠦᠷᠯᠡᠵᠦ ᠂ ᠰᠤᠷᠭᠠᠭᠤᠯᠢ ᠪᠠ ᠭᠡᠷ  ᠤᠨ ᠠᠬᠠᠮᠠᠳ  ᠤᠨ ᠬᠠᠯᠠᠭᠤᠨ ᠬᠦᠷᠢᠶᠡᠯᠡᠯ  ᠢ ᠣᠯᠤᠭᠰᠠᠨ ᠪᠠᠢᠨ᠎ᠠ ᠃ ᠡᠭᠦᠨ  ᠢᠶᠠᠷ ᠪᠠᠷᠠᠬᠤ ᠦᠭᠡᠢ ᠣᠷᠤᠨ ᠤᠯᠤᠰ  ᠤᠨ ᠲᠡᠰ  ᠤᠨ ᠠᠩᠭ᠍ᠯᠢ ᠬᠡᠯᠡᠨ  ᠤ ᠦᠨᠳᠦᠰᠦᠨ ᠴᠢᠳᠠᠪᠤᠷᠢ  ᠶᠢᠨ ᠮᠥᠷᠦᠢᠴᠡᠭᠡᠨ ᠳᠦ ᠰᠤᠷᠤᠭᠴᠢᠳ ᠨᠢ ᠣᠷᠤᠯᠴᠠᠵᠤ ᠰᠢᠯᠢᠳᠡᠭ ᠪᠦᠲᠦᠮᠵᠢ ᠣᠯᠵᠤ ᠂ ᠥᠪᠡᠷᠲᠡᠭᠡᠨ ᠴᠣ᠋ ᠰᠢᠯᠢᠳᠡᠭ ᠵᠢᠯᠤᠭᠤᠳᠤᠭᠴᠢ  ᠶᠢᠨ ᠱᠠᠩᠨᠠᠯ ᠬᠦᠷᠲᠡᠵᠦ ᠂ ᠠᠭᠤᠯᠠᠨ ᠲᠣᠰᠭᠤᠨ  ᠤ ᠰᠤᠷᠭᠠᠭᠤᠯᠢ ᠳᠤ ᠥᠩᠭᠡ ᠭᠡᠷᠡᠯ ᠠᠪᠴᠢᠷᠠᠭᠰᠠᠨ ᠪᠠᠢᠨ᠎ᠠ ᠃ ᠠᠷᠢᠭᠤᠨ ᠪᠠᠭᠰᠢ ᠡᠪᠯᠡᠯ  ᠤᠨ ᠡᠭᠦᠷ  ᠤᠨ ᠱᠦᠵᠢ  ᠶᠢᠨ ᠠᠵᠢᠯ  ᠢ ᠬᠠᠷᠢᠭᠤᠴᠠᠭᠰᠠᠨ ᠬᠤᠭᠤᠴᠠᠭᠠᠨ ᠳᠦ ᠪᠠᠨ ᠰᠤᠷᠭᠠᠭᠤᠯᠢ  ᠶᠢᠨ ᠬᠠᠮᠢᠶ᠎ᠠ ᠪᠦᠬᠦᠢ ᠤᠳᠤᠷᠢᠳᠤᠯᠭ᠎ᠠ ᠲᠠᠢ ᠬᠠᠮᠵᠢᠯᠴᠠᠵᠤ ᠂ ᠪᠦᠬᠦ ᠰᠢᠶᠠᠩ  ᠤᠨ ᠬᠡᠪᠴᠢᠶ᠎ᠡ ᠲᠠᠢ ᠠᠩᠭ᠍ᠯᠢ ᠬᠡᠯᠡᠨ  ᠤ ᠶᠠᠷᠢᠶ᠎ᠠ ᠬᠠᠷᠢᠯᠴᠠᠭᠠᠨ  ᠤ ᠮᠦᠷᠦᠢᠴᠠᠭᠡᠨ  ᠢ ᠡᠷᠬᠢᠯᠡᠨ ᠦᠷᠨᠢᠬᠦᠯᠦᠭᠰᠡᠨ ᠮᠥᠷᠲᠡᠭᠡᠨ 2003 ᠣᠨ  ᠳᠦ ᠨᠠᠮ ᠪᠠᠢᠭᠤᠯᠤᠭᠳᠠᠭᠰᠠᠨ ᠳᠤᠷᠠᠰᠭᠠᠯ  ᠤᠨ ᠡᠳᠦᠷ  ᠢ ᠲᠣᠬᠢᠶᠠᠯᠳᠤᠭᠤᠯᠤᠨ ᠲᠤᠰᠭᠠᠢ ᠲᠣᠭᠯᠠᠯᠲᠠ ᠪᠡᠯᠡᠳᠭᠡᠵᠦ ᠂ ᠨᠡᠢᠭᠡᠮ ᠨᠡᠢᠲᠡ ᠳᠦ ᠶᠡᠬᠡᠬᠡᠨ ᠲᠤᠰᠭᠠᠯ ᠭᠠᠷᠤᠭᠰᠠᠨ ᠪᠠᠢᠨ᠎ᠠ ᠃ ᠡᠭᠦᠨ  ᠢᠶᠠᠷ ᠪᠠᠷᠠᠬᠤ ᠦᠭᠡᠢ ᠥᠪᠡᠷ  ᠤᠨ ᠲᠤᠬᠠᠢᠯᠠᠭᠰᠠᠨ ᠠᠵᠢᠯ ᠳᠦ ᠪᠠᠨ ᠨᠡᠩ ᠢᠯᠡᠭᠦᠦ ᠴᠢᠷᠮᠠᠢᠨ ᠂ ᠪᠦᠬᠦ ᠰᠢᠶᠠᠩ  ᠤᠨ ᠠᠷᠪᠠᠨ ᠰᠤᠷᠭᠠᠭᠤᠯᠢ  ᠶᠢᠨ ᠠᠩᠭ᠍ᠯᠢ ᠬᠡᠯᠡᠨ  ᠤ ᠬᠢᠴᠢᠶᠡᠯ  ᠤᠨ ᠮᠥᠷᠦᠢᠴᠡᠭᠡᠨ  ᠤ ᠰᠢᠯᠭᠠᠷᠠᠭᠤᠯᠤᠯᠲᠠ ᠪᠡᠷ ᠳᠠᠮᠵᠢᠨ ᠂ ᠪᠦᠬᠦ ᠬᠣᠰᠢᠭᠤᠨ  ᠤ ᠠᠩᠬᠠᠳᠤᠭᠴᠢ ᠤᠳᠠᠭᠠᠨ  ᠤ ᠬᠢᠲᠠᠳ ᠪᠠᠭᠰᠢ ᠨᠠᠷ ᠤᠨ ᠠᠩᠭ᠍ᠯᠢ ᠬᠡᠯᠡᠨ  ᠤ ᠬᠢᠴᠢᠶᠡᠯ  ᠤᠨ ᠮᠥᠷᠦᠢᠴᠡᠭᠡᠨ ᠳᠦ ᠣᠷᠤᠯᠴᠠᠵᠤ ᠨᠢᠭᠡᠳᠦᠭᠡᠷ ᠲᠡᠰ  ᠤᠨ ᠱᠠᠩᠨᠠᠯ ᠳᠤᠰᠤᠭᠰᠠᠨ ᠵᠡᠷᠭᠡ ᠥᠨᠳᠦᠷ ᠠᠮᠵᠢᠯᠲᠠ  ᠶᠢ ᠣᠯᠤᠭᠰᠠᠨ ᠪᠠᠢᠨ᠎ᠠ ︔ 2005 ᠣᠨ ᠳᠦ ᠠᠵᠢᠯ  ᠤᠨ ᠴᠢᠬᠤᠯᠠᠴᠢᠯᠠᠭ᠎ᠠ ᠪᠡᠷ ᠪᠠᠶᠠᠨᠠᠭᠤᠯᠠ ᠰᠤᠷᠭᠠᠭᠤᠯᠢ ᠳᠦ ᠰᠢᠯᠵᠢᠨ ᠢᠷᠡᠵᠦ ᠂ ᠲᠤᠰᠭᠠᠢ ᠮᠡᠷᠭᠡᠵᠢᠯ ᠪᠣᠯᠬᠤ ᠴᠡᠴᠡᠷᠯᠢᠭ  ᠤᠨ ᠰᠤᠷᠭᠠᠨ ᠬᠥᠮᠦᠵᠢᠯ ᠳᠦ ᠰᠢᠭᠤᠷᠬᠠᠢᠯᠠᠨ ᠴᠢᠷᠮᠠᠢᠭᠰᠠᠨ ᠪᠠᠢᠨ᠎ᠠ ᠃ ᠣᠳᠣᠬᠠᠨ ᠳᠤ ᠪᠠᠶᠠᠨᠨᠢᠷᠤᠭᠤ ᠪᠠᠢᠷᠢᠯᠠᠬᠤ ᠳᠦᠷᠢᠮᠲᠦ ᠰᠤᠷᠭᠠᠭᠤᠯᠢ  ᠶᠢᠨ ᠴᠡᠴᠡᠷᠯᠢᠭ  ᠤᠨ ᠬᠠᠮᠢᠶᠠᠷᠤᠯᠲᠠ  ᠶᠢᠨ ᠠᠵᠢᠯ  ᠢ ᠬᠠᠷᠢᠭᠤᠴᠠᠵᠤ ᠂ ᠲᠠᠪᠤᠨ ᠤᠨ  ᠤ ᠠᠩᠭ᠍ᠯᠢ ᠬᠡᠯᠡ ᠂ ᠴᠡᠴᠡᠷᠯᠢᠭ  ᠤᠨ ᠠᠩᠭᠢ  ᠶᠢᠨ ᠲᠠᠭᠤᠨ  ᠤ ᠬᠢᠴᠢᠶᠡᠯ ᠂ ᠵᠢᠷᠤᠭ  ᠤᠨ ᠬᠢᠴᠢᠶᠡᠯ ᠪᠠ ᠴᠡᠴᠡᠷᠯᠢᠭ  ᠤᠨ ᠬᠢᠴᠢᠶᠡᠯ ᠪᠣᠯᠬᠤ ᠮᠣᠩᠭᠤᠯ ᠵᠠᠩ ᠦᠢᠯᠡ ᠪᠠ ᠲᠠᠳᠭᠯ  ᠤᠨ ᠬᠥᠮᠦᠵᠢᠯ ᠵᠡᠷᠭᠡ ᠬᠢᠴᠢᠶᠡᠯ ᠲᠥᠷᠦᠯ  ᠢ ᠳᠠᠭᠠᠭᠠᠴᠢᠯᠠᠨ ᠬᠢᠴᠢᠶᠡᠯᠯᠡᠵᠦ ᠪᠤᠢ ᠃ ᠤᠨᠠᠭᠠᠨ ᠪᠠᠭ᠎ᠠ ᠨᠠᠰᠤᠨ ᠡᠴᠡ ᠪᠠᠨ ᠤᠶᠠᠩᠭ᠎ᠠ ᠳᠠᠭᠤᠤ ᠪᠠᠷ  ᠢᠶᠠᠷ ᠰᠡᠳᠭᠢᠯ  ᠢᠶᠠᠨ ᠠᠰᠠᠭᠠᠵᠤ ᠶᠠᠪᠤᠭᠰᠠᠨ ᠲᠡᠷᠡ ᠤᠬᠠᠭᠠᠨ ᠨᠢᠷᠠᠢ ᠬᠡᠦᠬᠡᠳ ᠤᠳ ᠲᠠᠢ ᠳᠠᠭᠤᠤ  ᠪᠡᠷ  ᠢᠶᠠᠨ ᠢᠵᠢᠯᠢᠰᠢᠵᠦ ᠂ ᠳᠠᠭᠤᠤ ᠪᠡᠷ ᠢᠶᠠᠨ ᠨᠥᠬᠦᠷᠯᠡᠵᠦ ᠶᠠᠪᠤᠯ᠎ᠠ ᠃ ᠪᠠᠭᠰᠢ ᠶᠢᠨ ᠠᠵᠢᠯ ᠭᠡᠵᠦ ᠡᠭᠡᠯ ᠵᠢᠷ  ᠤᠨ ᠠᠵᠢᠯ ᠂ ᠬᠡᠳᠡᠯ᠎ᠡ ᠡᠨᠡᠬᠦ ᠡᠭᠡᠯ ᠵᠢᠷ  ᠤᠨ ᠠᠵᠢᠯ  ᠤᠨ ᠴᠠᠭᠠᠨ᠎ᠠ ᠪᠠᠭᠰᠢ ᠬᠥᠮᠦᠨ  ᠤ ᠠᠷᠢᠭᠤᠨ ᠬᠥᠯᠦᠰᠦ ᠂ ᠰᠢᠷᠭᠠᠭᠤ ᠬᠥᠳᠡᠯᠮᠦᠷᠢ ᠂ ᠤᠢᠭ᠎ᠠ ᠦᠭᠡᠢ ᠴᠢᠷᠮᠠᠢᠯᠭ᠎ᠠ ᠨᠢᠭᠤᠭᠳᠠᠵᠤ ᠪᠠᠢᠭ᠎ᠠ  ᠶᠢ ᠮᠡᠳᠡᠬᠦ ᠴᠢᠬᠤᠯᠠᠲᠠᠢ ᠶᠤᠮ ᠡ ᠃ ᠠᠷᠢᠭᠤᠨ ᠪᠠᠭᠰᠢ ᠡᠨᠡᠬᠦ ᠡᠭᠡᠯ ᠵᠢᠷ  ᠤᠨ ᠪᠠᠭᠰᠢ  ᠶᠢᠨ ᠠᠵᠢᠯ  ᠢ ᠬᠢᠭᠰᠡᠨ  ᠡᠴᠡ ᠨᠠᠰᠢ ᠰᠤᠷᠭᠠᠨ ᠬᠥᠮᠦᠵᠢᠯ  ᠤᠨ ᠵᠢᠭᠠᠨ ᠰᠤᠷᠭᠠᠯᠲᠠ  ᠶᠢᠨ ᠦᠢᠯᠡᠰ ᠲᠤ ᠦᠨᠡᠨᠴᠢ ᠪᠡᠷ ᠬᠠᠨᠳᠦᠵᠤ ᠂ 11 ᠵᠢᠯ ᠵᠢᠭᠠᠨ ᠰᠤᠷᠭᠠᠯᠲᠠ  ᠶᠢᠨ ᠠᠵᠢᠯ ᠳᠤᠮᠳᠠ ᠴᠠᠭ ᠢᠮᠠᠭᠲᠠ ᠨᠢᠭᠡᠨ ᠰᠢᠯᠢᠳᠡᠭ ᠪᠠᠭᠰᠢ  ᠶᠢᠨ ᠪᠠᠷᠢᠮᠵᠢᠶ᠎ᠠ ᠪᠡᠷ ᠥᠪᠡᠷ  ᠢ  ᠪᠠᠨ ᠱᠠᠭᠠᠷᠳᠠᠵᠤ ᠂ ᠨᠢᠭᠡᠨ ᠡᠪ ᠬᠠᠮᠲᠤ ᠨᠠᠮ  ᠤᠨ ᠭᠡᠰᠢᠭᠦᠨ  ᠤ ᠪᠠᠷᠢᠮᠵᠢᠶ᠎ᠠ ᠪᠡᠷ ᠥᠪᠡᠷ ᠢ ᠪᠠᠨ ᠪᠠᠷᠢᠶᠠᠮᠵᠢᠶᠠᠯᠠᠵᠤ ᠂ ᠠᠵᠢᠯ ᠦᠢᠯᠡᠰ  ᠢᠶᠡᠨ ᠬᠦᠨᠳᠦᠳᠭᠡᠵᠦ ᠂ ᠰᠤᠷᠤᠭᠴᠢᠳ ᠢᠶᠡᠨ ᠬᠠᠢᠷᠠᠯᠠᠵᠤ ᠂ ᠬᠠᠮᠲᠤ ᠠᠵᠢᠯᠯᠠᠭᠰᠠᠳ ᠲᠠᠢ ᠪᠡᠨ ᠪᠦᠯᠬᠦᠮᠳᠡᠨ ᠂ ᠨᠢᠭᠡᠨ ᠡᠭᠡᠯ ᠵᠢᠷ  ᠤᠨ ᠠᠵᠢᠯ  ᠤᠨ ᠪᠠᠢᠷᠢᠨ ᠳᠤ ᠡᠬᠦᠳᠦᠯᠳᠡ ᠠᠮᠵᠢᠯᠲᠠ ᠭᠠᠷᠭᠠᠬᠤ ᠪᠡᠷ ᠴᠢᠷᠮᠠᠢᠨ ᠠᠵᠢᠯᠯᠠᠵᠤ ᠂ ᠪᠠᠭᠰᠢ ᠂ ᠰᠤᠷᠤᠭᠴᠢᠳ ᠂ ᠭᠡᠷ  ᠤᠨ ᠠᠬᠠᠮᠠᠳ ᠪᠠ ᠤᠳᠤᠷᠢᠳᠤᠯᠭ᠎ᠠ ᠨᠠᠷ  ᠤᠨ ᠥᠨᠳᠦᠷ ᠦᠨᠡᠯᠡᠯᠲᠡ  ᠶᠢ ᠣᠯᠵᠤ ᠂ ᠴᠢᠷᠮᠠᠢᠨ ᠠᠵᠢᠯᠯᠠᠭᠰᠠᠭᠠᠷ ᠢᠷᠡᠭᠰᠡᠨ ᠶᠤᠮ ᠃ ᠲᠤᠬᠠᠢᠯᠠᠭᠰᠠᠨ ᠠᠵᠢᠯ  ᠤᠨ ᠰᠤᠷᠤᠯᠴᠠᠯᠭ᠎ᠠ  ᠶᠢ ᠦᠷᠭᠦᠯᠵᠢ  ᠶᠢᠨ ᠴᠢᠨᠠᠷᠲᠠᠢ ᠪᠠᠷᠢᠮᠲᠠᠯᠠᠵᠤ ᠂ ᠬᠠᠮᠲᠤ ᠠᠵᠢᠯᠯᠠᠭᠰᠠᠳ ᠬᠣᠭᠤᠷᠤᠨᠳᠤ ᠪᠡᠨ ᠢᠳᠡᠪᠬᠢᠲᠡᠢ ᠬᠥᠳᠡᠯᠦᠩᠭᠦᠢ ᠪᠡᠷ ᠵᠢᠭᠠᠨ ᠰᠤᠷᠭᠠᠯᠲᠠ  ᠶᠢᠨ ᠲᠠᠯ᠎ᠠ ᠪᠡᠷ ᠬᠢ ᠠᠮᠵᠢᠯᠲᠠ ᠣᠯᠤᠯᠲᠠ ᠪᠠ ᠠᠷᠭ᠎ᠠ ᠲᠤᠷᠰᠢᠯᠭ᠎ᠠ ᠪᠡᠨ ᠬᠠᠷᠢᠯᠴᠠᠨ ᠰᠣᠯᠢᠯᠴᠠᠨ ᠂ ᠬᠠᠮᠵᠢᠯᠴᠠᠨ ᠰᠤᠷᠤᠯᠴᠠᠬᠤ  ᠶᠢᠨ ᠬᠠᠮᠲᠤ ᠦᠢᠯᠠᠳᠦᠯᠭᠡ ᠲᠤᠮᠳᠠᠪᠡᠨ ᠪᠤᠳᠠᠳᠠᠢᠵᠢᠭᠤᠯᠦᠨ ᠂ ᠡᠷᠭᠢᠴᠡᠭᠦᠯᠦᠯ ᠢᠶᠠᠷ ᠲᠠᠮᠵᠢᠭᠤᠯᠦᠨ ᠲᠡᠭᠦᠯᠳᠡᠷᠵᠢᠬᠦᠯᠵᠦ ᠂ ᠬᠢᠴᠢᠶᠡᠯ  ᠤᠨ ᠦᠭᠡᠷᠴᠢᠯᠠᠯᠳᠡ ᠳᠤ ᠨᠡᠢᠴᠡᠭᠰᠡᠨ ᠂ ᠰᠤᠷᠤᠭᠴᠢ ᠶᠢᠨ ᠬᠥᠭᠵᠢᠯᠲᠡ ᠪᠠ ᠬᠦᠯᠢᠶᠡᠨ ᠠᠪᠬᠤ ᠴᠢᠳᠠᠪᠤᠷᠢ ᠳᠤ ᠵᠣᠬᠢᠴᠠᠭᠰᠠᠨ ᠥᠪᠡᠷ  ᠤᠨ ᠭᠡᠰᠡᠨ ᠥᠪᠡᠷᠮᠢᠴᠡ ᠬᠡᠪ ᠨᠠᠮᠪᠠ ᠲᠠᠢ ᠵᠢᠭᠠᠨ ᠰᠤᠷᠭᠠᠬᠤ ᠠᠷᠭ᠎ᠠ ᠬᠡᠯᠪᠡᠷᠢ  ᠶᠢ ᠴᠢᠷᠮᠠᠢᠨ ᠪᠦᠷᠢᠯᠳᠦᠭᠦᠯᠬᠦ  ᠶᠢ ᠵᠣᠷᠢᠵᠠᠢ ︔ ᠡᠭᠦᠨ  ᠤ ᠬᠠᠮᠲᠤ ᠰᠤᠷᠦᠯᠴᠠᠯᠭ᠎ᠠ ᠪᠡᠷ ᠲᠠᠮᠵᠢᠭᠤᠯᠦᠨ ᠂ᠥᠪᠡᠷ  ᠤᠨ ᠲᠤᠬᠠᠢᠯᠠᠰᠠᠨ ᠠᠵᠢᠯ ᠤᠨᠮᠡᠳᠡᠯᠭᠡ ᠮᠡᠳᠡᠴᠡ ᠪᠠ ᠠᠷᠭ᠎ᠠ ᠲᠤᠷᠰᠢᠯᠭ᠎ᠠ ᠪᠡᠨ ᠲᠡᠭᠡᠭᠰᠢᠯᠠᠭᠦᠯᠵᠤ ᠂ ᠵᠢᠭᠠᠬᠤ ᠠᠭᠤᠯᠭ᠎ᠠ ᠪᠠᠨ ᠨᠠᠷᠢᠯᠢᠭ ᠰᠤᠳᠦᠯᠵᠤ ᠂ ᠨᠢᠮᠪᠠᠢ ᠪᠡᠯᠠᠳᠬᠡᠨ ᠂ ᠲᠧᠯᠸᠢᠰ ᠂ ᠲᠣᠣᠷ ᠰᠦᠯᠵᠢᠶ᠎ᠡ ᠂ ᠺᠤᠮᠫᠢᠦᠲ᠋ᠧᠷ ᠵᠡᠷᠭᠡ ᠵᠢᠭᠠᠨ ᠰᠤᠷᠭᠠᠯᠲᠠ  ᠳᠤ ᠠᠰᠢᠭᠯᠠᠵᠤ ᠦᠢᠯᠡᠴᠢᠯᠠᠭᠦᠯᠵᠤ ᠪᠣᠯᠬᠤᠢᠴᠠ ᠡᠬᠢ ᠪᠠᠶᠠᠯᠢᠭ  ᠢ ᠭᠦᠢᠴᠡᠳ ᠠᠰᠢᠭᠯᠠᠨ ᠂ ᠵᠢᠷᠤᠭ ᠵᠠᠭᠪᠤᠷ ᠂ ᠺᠤᠤᠷᠰᠫᠧᠢᠷ ᠵᠡᠷᠭᠡ ᠪᠡᠷ ᠲᠠᠮᠵᠢᠭᠤᠯᠦᠨ ᠬᠢᠴᠢᠶᠡᠯ  ᠤᠨ ᠠᠭᠤᠯᠭ᠎ᠠ  ᠶᠢ ᠤᠯᠠᠮ ᠨᠢᠭᠡ ᠠᠯᠬᠤᠮ ᠠᠮᠢᠳᠤᠯᠢᠭᠵᠢᠭᠤᠯᠤᠨ ᠂ ᠰᠤᠷᠤᠭᠴᠢᠳ  ᠲᠤ ᠰᠤᠷᠬᠤ ᠠᠭᠤᠯᠭ᠎ᠠ ᠵᠢ ᠳᠥᠲᠡ ᠵᠠᠮ ᠢᠶᠡᠷ ᠳᠥᠬᠦᠮ ᠬᠢᠯᠪᠠᠷ  ᠢᠶᠠᠷ ᠂ ᠳᠦᠷᠰᠦᠯᠢᠭ ᠲᠣᠳᠤᠷᠠᠭᠤᠨ ᠂ ᠲᠤᠤᠱᠠᠳᠠᠢ ᠲᠠᠭᠦᠯᠳᠡᠷ  ᠢᠶᠠᠷ ᠤᠢᠯᠠᠭᠠᠭᠤᠯᠦᠨ ᠡᠵᠡᠮᠰᠢᠭᠦᠯᠵᠦ ᠂ ᠰᠤᠷᠤᠭᠴᠢᠳ  ᠤᠨ ᠰᠤᠷᠤᠯᠭ᠎ᠠ ᠳᠤ ᠪᠡᠨ ᠬᠦᠴᠢᠷᠳᠠᠵᠤ ᠬᠣᠢᠷᠭᠤᠰᠢᠬᠤ ᠡᠴᠡ ᠵᠠᠢᠯᠠᠰᠬᠢᠵᠦ ᠢᠳᠡᠪᠬᠢᠲᠡᠢ ᠤᠷᠮᠠᠲᠠᠢ ᠰᠤᠷᠤᠯᠴᠠᠬᠤ ᠠᠭᠤᠷ ᠠᠮᠢᠰᠭᠤᠯ ᠢ ᠪᠦᠷᠢᠯᠳᠦᠭᠦᠯᠬᠦ ᠴᠢᠳᠠᠭᠰᠠᠨ ᠪᠠᠢᠨ᠎ᠠ ︔ ᠤᠷᠢᠳ ᠬᠣᠵᠢᠳ ᠪᠠᠰᠠ ᠬᠢᠴᠢᠶᠡᠯ  ᠤᠨ ᠦᠭᠡᠷᠴᠢᠯᠡᠯᠳᠡ ᠶᠢᠨ ᠬᠡᠷᠡᠭᠴᠡᠭᠡ ᠳᠤ ᠬᠠᠨᠳᠤᠭᠤᠯᠤᠨ ᠂ ᠥᠪᠡᠷ  ᠤᠨ ᠰᠤᠷᠤᠭᠴᠢᠳ  ᠤᠨ  ᠢᠶᠡᠨ ᠣᠨᠴᠠᠯᠢᠭ ᠳᠤ ᠵᠣᠬᠢᠴᠠᠭᠤᠯᠤᠨ ᠤᠷᠢᠳᠴᠢᠯᠠᠨ ᠰᠤᠷᠬᠤ ᠲᠥᠰᠦᠪ  ᠢ ᠡᠬᠢᠯᠡᠨ ᠲᠤᠷᠰᠢᠨ ᠬᠡᠷᠡᠭᠵᠢᠭᠦᠯᠵᠦ ᠂ ᠰᠤᠷᠤᠭᠴᠢᠳ  ᠤᠨ ᠰᠤᠳᠤᠯᠵᠤ ᠰᠦᠪᠡᠭᠴᠢᠯᠡᠬᠦ ᠂ ᠬᠣᠷᠰᠢᠨ ᠬᠠᠮᠵᠢᠯᠴᠠᠬᠤ ᠪᠠ ᠡᠵᠡᠨ ᠮᠡᠳᠡᠨ ᠰᠤᠷᠦᠯᠴᠠᠭᠤᠯᠬᠤ ᠪᠡᠷ ᠲᠠᠮᠵᠢᠭᠤᠯᠦᠨ ᠂ ᠰᠤᠷᠤᠭᠴᠢᠳ ᠲᠤ ᠠᠰᠠᠭᠤᠳᠠᠯ ᠢ ᠰᠢᠳᠪᠦᠷᠢᠯᠠᠭᠦ ᠤᠬᠠᠭᠠᠨ ᠰᠠᠮᠪᠠᠭ᠎ᠠ ᠂ ᠦᠢᠯᠠᠳᠦᠯᠭᠡ ᠳᠤ ᠣᠷᠤᠯᠴᠠᠬᠤ ᠠᠷᠭ᠎ᠠ ᠲᠤᠷᠰᠢᠯᠭ᠎ᠠ ᠂ ᠬᠣᠷᠰᠢᠨ ᠬᠠᠮᠵᠢᠯᠴᠠᠬᠤ ᠤᠷ᠎ᠠ ᠳᠠᠮ ᠢ ᠰᠤᠷᠭᠠᠬᠤ ᠶᠢᠨ ᠬᠠᠮᠲᠤ ᠂ ᠰᠤᠷᠤᠭᠴᠢᠳ ᠲᠤ ᠪᠡᠶ᠎ᠡ ᠪᠡᠨ ᠳᠠᠭᠠᠭᠠᠵᠤ ᠮᠡᠳᠡᠯᠭᠡ ᠡᠵᠠᠮᠰᠢᠭᠦ ᠪᠠᠶᠠᠷ ᠪᠠᠬᠠᠳᠤᠯ ᠢ ᠣᠯᠭᠤᠨ ᠂ ᠰᠤᠷᠤᠯᠴᠠᠯᠭ᠎ᠠ ᠶᠢᠨᠤᠷᠮ᠎ᠠ ᠵᠣᠷᠢᠭ ᠢ ᠨᠢ ᠬᠥᠭᠵᠢᠭᠡᠬᠦ  ᠶᠢ ᠵᠣᠷᠢᠭᠰᠠᠨ ᠪᠠᠢᠨ᠎ᠠ ︔ ᠣᠯᠠᠩᠬᠢ ᠰᠤᠷᠤᠭᠴᠢᠳ ᠠᠩᠭ᠍ᠯᠢ ᠬᠡᠯᠡᠨ  ᠤ ᠤᠩᠰᠢᠯᠭ᠎ᠠ ᠳᠤ ᠬᠦᠴᠢᠷᠳᠡᠵᠦ ᠪᠠᠢᠭ᠎ᠠ ᠪᠠᠢᠳᠠᠯ ᠳᠤ ᠬᠠᠨᠳᠦᠭᠤᠯᠤᠨ ᠰᠤᠷᠤᠭᠴᠢᠳ ᠤᠨ ᠨᠠᠰᠤᠨ  ᠤ ᠣᠨᠴᠠᠯᠢᠭ ᠳᠤᠷ᠎ᠠ ᠰᠣᠨᠢᠷᠬᠠᠯ ᠪᠠ ᠬᠦᠯᠢᠶᠡᠨ ᠠᠪᠬᠤ ᠴᠢᠳᠠᠪᠤᠷᠢ ᠵᠡᠷᠭᠡ  ᠳᠤ ᠵᠤᠬᠢᠴᠠᠭᠤᠯᠦᠨ ᠲᠣᠪᠴᠢ ᠠᠪᠰᠠᠷ ᠂ ᠳᠥᠭᠦᠮ ᠣᠢᠯᠠᠭᠠᠮᠵᠢᠲᠠᠢ ᠬᠡᠰᠡᠭᠯᠡᠯ ᠂ ᠶᠠᠷᠢᠯᠴᠠᠭ᠎ᠠ ᠂ ᠵᠣᠬᠢᠶᠠᠯ ᠂ ᠰᠣᠨᠢᠨ ᠂ ᠡᠳᠦᠷ  ᠤᠨ ᠲᠡᠮᠳᠡᠭᠯᠡᠯ ᠵᠡᠷᠭᠡ ᠶᠢ ᠰᠣᠩᠭᠤᠯᠲᠠ ᠲᠠᠢ  ᠪᠡᠷ ᠤᠩᠰᠢᠭᠤᠯᠬᠤ  ᠶᠢ ᠠᠩᠬᠠᠷᠴᠤ ᠂ ᠤᠩᠰᠢᠯᠭ᠎ᠠ ᠪᠡᠷ ᠲᠠᠮᠵᠢᠨᠰᠤᠷᠤᠭᠴᠢᠳ ᠲᠤ ᠵᠢᠩᠬᠢᠨᠢ ᠤᠩᠰᠢᠯᠭ᠎ᠠ  ᠶᠢᠨ ᠪᠠᠶᠠᠷ ᠪᠠᠬᠠᠳᠦᠯ  ᠢ ᠣᠯᠭᠤᠨ ᠂ ᠤᠩᠰᠢᠯᠭ᠎ᠠ  ᠶᠢᠨ ᠤᠷᠮ᠎ᠠ ᠪᠠᠬ᠎ᠠ  ᠶᠢ ᠨᠢ ᠬᠦᠭᠵᠢᠭᠡᠵᠤ ᠂ ᠤᠷᠮᠠᠲᠠᠢ ᠤᠩᠰᠢᠳᠠᠭ ᠮᠥᠷᠲᠡᠭᠡᠨ ᠦᠷᠭᠦᠯᠵᠢ ᠤᠩᠰᠢᠳᠠᠭ ᠳᠠᠳᠭᠠᠯ  ᠢ ᠬᠥᠮᠦᠵᠢᠭᠦᠯᠦᠭᠰᠡᠨ  ᠡᠴᠡ ᠰᠤᠷᠤᠭᠴᠢᠳ  ᠤᠨ ᠤᠩᠰᠢᠯᠭ᠎ᠠ  ᠶᠢᠨ ᠴᠢᠳᠠᠪᠤᠷᠢ ᠂ ᠠᠩᠭ᠍ᠯᠢ ᠬᠡᠯᠡᠨ  ᠤ ᠦᠨᠳᠦᠰᠦᠨ ᠴᠢᠳᠠᠪᠤᠷᠢ ᠪᠠ ᠠᠩᠭ᠍ᠯᠢ ᠬᠡᠯᠡ ᠰᠤᠷᠬᠤ ᠤᠷᠮᠠᠰᠢᠯ ᠴᠦ ᠢᠯᠡᠳᠲᠡ ᠳᠡᠭᠡᠭᠰᠢᠯᠡᠭᠰᠡᠨ ᠪᠠᠢᠨ᠎ᠠ ︔ ᠲᠡᠷᠡ ᠵᠢᠭᠠᠨ ᠰᠤᠷᠭᠠᠯᠲᠠ ᠳᠦ ᠪᠠᠨ ᠴᠤᠴᠠᠯᠲᠠ  ᠦᠭᠡᠢ ᠴᠢᠷᠮᠠᠢᠵᠤ ᠂ ᠤᠯᠠᠨ ᠤᠳᠠᠭᠠᠨ  ᠤ ᠰᠤᠷᠭᠠᠭᠤᠯᠢ ᠶᠢᠨ ᠬᠡᠪᠴᠢᠶᠡᠨ  ᠤ ᠦᠵᠡᠭᠦᠯᠦᠯᠭᠡ ᠶᠢᠨ ᠬᠢᠴᠢᠶᠡᠯ ᠣᠷᠤᠵᠤ ᠂ ᠵᠢᠭᠠᠨ ᠰᠤᠷᠭᠠᠯᠲᠠ  ᠶᠢᠨ ᠶᠠᠰᠤ ᠴᠢᠨᠠᠷ ᠤᠨ ᠲᠠᠯ᠎ᠠ ᠪᠡᠷ ᠢᠯᠡᠳᠲᠡ ᠠᠮᠵᠢᠯᠲᠠ ᠭᠠᠷᠭᠠᠭᠰᠠᠨ ᠡᠴᠡ2009 ᠤᠨ ᠳᠤ ᠬᠣᠰᠢᠭᠤᠨ  ᠤ ᠰᠢᠯᠢᠳᠡᠭ ᠪᠠᠭᠰᠢ ᠪᠡᠷ ᠦᠨᠡᠯᠡᠭᠳᠡᠵᠦ ᠂ 2008  ᠤᠨ ᠳᠤ ᠬᠣᠰᠢᠭᠤᠨ  ᠤ ᠪᠠᠭ᠎ᠠ ᠰᠤᠷᠭᠠᠭᠤᠯᠢ ᠶᠢᠨᠠᠩᠭᠯᠢ ᠬᠡᠯᠡᠨ ᠤ ᠭᠣᠣᠯᠯᠠᠭᠴᠢ ᠪᠠᠭᠰᠢ ᠶᠢᠨ ᠴᠣᠯᠠ ᠬᠦᠷᠲᠡᠵᠦ ᠂ 2011 ᠤᠨ ᠳᠤ ᠪᠠᠭ᠎ᠠ ᠰᠤᠷᠭᠠᠭᠤᠯᠢ ᠶᠢᠨᠠᠩᠭᠯᠢ ᠬᠡᠯᠡᠨ  ᠤ ᠵᠢᠭᠠᠨ ᠰᠤᠷᠭᠠᠬᠤ ᠴᠢᠳᠠᠪᠤᠷᠢᠲᠠᠨ ᠤ ᠴᠣᠯᠠ ᠬᠦᠷᠲᠡᠪᠡ ︔ 2012 ᠤᠨ ᠳᠤ ᠬᠤᠳᠠ ᠶᠢᠨ ᠬᠢᠴᠢᠶᠡᠯ ᠲᠥᠷᠦᠯ  ᠤᠨ ᠭᠣᠣᠯᠯᠠᠭᠴᠢ ᠪᠠᠭᠰᠢ ᠪᠡᠷ ᠰᠣᠩᠭᠤᠭᠳᠠᠪᠠ ︔ 2010 ᠤᠨ ᠪᠠ 2012 ᠤᠨ  ᠳᠤ ᠲᠤᠰ ᠲᠤᠰ ᠵᠠᠰᠠᠭ  ᠤᠨ ᠣᠷᠳᠤᠨ  ᠤ ᠭᠤᠷᠪᠠᠳᠤᠭᠠᠷ ᠲᠡᠰ  ᠤᠨ ᠭᠠᠪᠢᠶᠠᠲᠠᠨ ᠤ ᠬᠦᠭᠢᠬᠦᠯᠦᠯ ᠬᠦᠷᠲᠡᠭᠰᠡᠨ ᠪᠥᠭᠡᠳ ᠭᠤᠷᠪᠠᠨ ᠤᠳᠠᠭᠠᠨ ᠤ ᠬᠣᠰᠢᠭᠤᠨ  ᠤ ᠤᠷᠠᠯᠢᠭ  ᠤᠨ ᠨᠠᠢᠷ ᠤᠨ ᠰᠢᠯᠢᠳᠡᠭ ᠬᠠᠪᠰᠤᠷᠤᠨ ᠵᠢᠯᠤᠭᠤᠳᠤᠭᠴᠢ ᠶᠢᠨ ᠱᠠᠩᠨᠠᠯ ᠬᠦᠷᠲᠡᠪᠡ ᠃2010 ᠤᠨ ᠤ ᠪᠦᠬᠦ ᠬᠣᠰᠢᠭᠤᠨ  ᠤ ᠵᠠᠯᠠᠭᠤ ᠪᠠᠭᠰᠢ ᠨᠠᠷ  ᠤᠨ ᠬᠢᠴᠢᠶᠡᠯᠠᠯᠭᠡ  ᠶᠢᠨ ᠤᠷ᠎ᠠ ᠴᠢᠳᠠᠪᠤᠷᠢ  ᠶᠢᠨ ᠮᠥᠷᠦᠢᠴᠡᠭᠡᠨ  ᠤ ᠨᠢᠭᠡᠳᠦᠭᠡᠷ ᠲᠡᠰ ᠤᠨ ᠱᠠᠩᠨᠠᠯ  ᠢ ᠬᠦᠷᠲᠡᠵᠦ ᠂ ᠮᠥᠨ ᠲᠤᠰ ᠵᠢᠯ  ᠤᠨ ᠲᠠᠪᠤᠨ ᠰᠠᠷ᠎ᠠ ᠳᠤ ᠣᠷᠤᠨ  ᠤ ᠬᠢᠴᠢᠶᠡᠯ  ᠤᠨ ᠮᠥᠷᠦᠢᠴᠡᠭᠡᠨ  ᠤ ᠨᠢᠭᠡᠳᠦᠭᠡᠷ ᠲᠡᠰ  ᠤᠨ ᠱᠠᠩᠨᠠᠯ  ᠢ ᠬᠦᠷᠳᠡᠵᠠᠢ ︔ 2009 ᠣᠨ ᠳᠦ ᠤᠯᠤᠰ  ᠤᠨ ᠲᠠᠰ  ᠤᠨ ᠰᠤᠳᠤᠯᠭᠠᠨ  ᠤ ᠰᠡᠳᠦᠪ ᠪᠣᠯᠬᠤ << ᠦᠯᠢᠭᠡᠷ ᠶᠠᠷᠢᠬᠤ ᠪᠡᠷ ᠳᠠᠮᠵᠢᠨ ᠬᠡᠦᠬᠡᠳ ᠤᠨ ᠬᠡᠯᠡᠨ  ᠤ ᠮᠡᠳᠡᠷᠡᠮᠵᠢ  ᠶᠢ ᠳᠡᠭᠡᠭᠰᠢᠯᠡᠭᠦᠯᠬᠦ >> ᠲᠤᠷᠰᠢᠯᠲᠠ  ᠶᠢ ᠳᠤᠷᠰᠢᠨ ᠬᠡᠷᠡᠭᠵᠢᠯᠡᠭᠦᠯᠵᠦ ᠂ ᠰᠤᠷᠭᠠᠨ ᠬᠥᠮᠦᠵᠢᠭᠦᠯᠬᠦ ᠶᠠᠪᠤᠴᠠ ᠪᠠ ᠡᠳᠦᠷ ᠳᠤᠳᠤᠮ  ᠤᠨ ᠠᠵᠢᠯᠯᠠᠭᠠᠨ ᠳᠤᠮᠳᠠ ᠪᠠᠨ ᠰᠤᠳᠤᠯᠭᠠᠨ  ᠢᠶᠠᠨ ᠦᠷᠭᠦᠯᠵᠢᠯᠡᠵᠦ ᠂ ᠬᠡᠦᠬᠡᠳ  ᠦᠳ ᠲᠤ ᠮᠣᠩᠭᠤᠯ ᠠᠷᠠᠳ  ᠤᠨ ᠦᠯᠢᠭᠡᠷ  ᠦᠳ ᠡᠴᠡ ᠶᠠᠷᠢᠵᠤ ᠰᠣᠨᠤᠰᠭᠠᠬᠤ ᠂ ᠴᠡᠭᠡᠵᠢᠯᠡᠭᠦᠯᠵᠤ ᠶᠠᠷᠢᠭᠤᠯᠬᠤ ᠪᠡᠷ ᠳᠠᠮᠵᠢᠭᠤᠯᠤᠨ ᠂ ᠠᠷᠠᠳ  ᠤᠨ ᠠᠮᠢᠳᠤ ᠶᠠᠷᠢᠶᠠᠨ  ᠤ ᠬᠡᠯᠡ ᠂ ᠮᠣᠩᠭᠤᠯ ᠦᠭᠡᠰ  ᠤᠨ ᠰᠠᠩ ᠤᠨ ᠪᠠᠶᠠᠯᠢᠭ ᠬᠡᠯᠡ ᠬᠡᠯᠡᠯᠭᠡ ᠡᠴᠡ ᠰᠤᠷᠭᠠᠬᠤ ᠶᠢᠨ ᠬᠠᠮᠲᠤ ᠰᠣᠨᠤᠰᠴᠤ ᠣᠢᠯᠠᠭᠠᠬᠤ ᠂ ᠶᠠᠷᠢᠵᠤ ᠢᠯᠡᠳᠭᠡᠬᠦ ᠂ ᠴᠡᠭᠡᠵᠢᠯᠡᠵᠦ ᠲᠣᠭᠲᠠᠭᠠᠬᠤ ᠴᠢᠳᠠᠪᠤᠷᠢ  ᠶᠢ ᠬᠥᠭᠵᠢᠭᠦᠯᠬᠦ  ᠶᠢᠨ ᠬᠠᠮᠲᠤ ᠬᠡᠦᠬᠡᠳ  ᠤᠨ ᠬᠡᠯᠡᠨ ᠮᠡᠳᠡᠷᠠᠮᠵᠢ  ᠶᠢ ᠰᠠᠢᠵᠢᠷᠠᠭᠤᠯᠤᠨ ᠰᠡᠳᠭᠢᠬᠦᠢ ᠶᠢ ᠬᠥᠭᠵᠢᠭᠦᠯᠦᠨ ᠂ ᠦᠯᠢᠭᠡᠷ ᠲᠤ ᠲᠤᠰᠭᠠᠭᠰᠠᠨ ᠠᠭᠤᠯᠭ᠎ᠠ ᠂ ᠤᠳᠭ᠎ᠠ ᠰᠠᠨᠠᠭᠠᠨ ᠡᠴᠡ ᠬᠥᠮᠦᠨ ᠪᠣᠯᠬᠤ  ᠶᠢᠨ ᠤᠴᠢᠷ ᠵᠦᠢ ᠂ ᠤᠤᠷ ᠴᠢᠨᠠᠷ  ᠢ ᠲᠠᠨᠢᠭᠤᠯᠤᠨ ᠂ ᠦᠵᠡᠯ ᠰᠠᠨᠠᠭᠠᠨ  ᠤ ᠬᠥᠮᠦᠵᠢᠯ ᠬᠦᠷᠲᠡᠭᠡᠬᠦ ᠪᠡᠷ ᠴᠢᠷᠮᠠᠢᠨ ᠵᠢᠯᠤᠭᠤᠳᠪᠠ ︔ ᠠᠷᠢᠭᠤᠨ ᠪᠠᠭᠰᠢ 2011 ᠣᠨ ᠳᠦ ᠴᠡᠴᠡᠷᠯᠢᠭ  ᠤᠨ ᠬᠠᠮᠢᠶᠠᠷᠤᠯᠲᠠ  ᠶᠢᠨ ᠠᠵᠢᠯ  ᠢ ᠡᠭᠦᠷᠭᠡᠯᠡᠨ ᠬᠠᠷᠢᠭᠤᠴᠠᠵᠤ ᠂ ᠴᠡᠴᠡᠷᠯᠢᠭ  ᠤᠨ ᠰᠤᠷᠭᠠᠨ ᠬᠥᠮᠦᠵᠢᠯ  ᠢ ᠤᠯᠠᠮ ᠨᠢᠭᠡ ᠠᠯᠬᠤᠮ ᠲᠡᠭᠦᠷᠳᠡᠯᠵᠢᠬᠦᠯᠬᠦ ᠪᠡᠷ ᠡᠩᠨᠡᠭᠡ ᠪᠠᠨ ᠳᠠᠭᠠᠭᠤᠯᠵᠤ ᠵᠢᠪᠬᠤᠭ᠎ᠠ ᠲᠠᠢ ᠤᠷᠤᠭᠰᠢᠯᠠᠨ᠎ᠠ ᠃ ᠬᠥᠮᠦᠨ  ᠢᠶᠠᠷ ᠦᠨᠳᠦᠰᠦ ᠪᠣᠯᠭᠠᠵᠤ ᠂ ᠬᠥᠮᠦᠨ ᠪᠣᠯᠬᠤ  ᠶᠢ ᠬᠥᠮᠦᠵᠢᠭᠦᠯᠬᠦ  ᠪᠡᠷ ᠴᠡᠴᠡᠷᠯᠢᠭ  ᠤᠨ ᠬᠡᠦᠬᠡᠳ  ᠢ ᠬᠦᠮᠦᠵᠢᠬᠦᠯᠭᠦ ᠦᠨᠳᠦᠰᠦᠨ ᠬᠠᠷᠠᠯᠲᠠ ᠪᠣᠯᠭᠠᠵᠤ ᠂ ᠬᠡᠦᠬᠡᠳ ᠤᠨ ᠴᠡᠴᠡᠷᠯᠢᠭ ᠲᠤ ᠨᠠᠭᠠᠳᠤᠮ ᠲᠣᠭᠯᠠᠭᠠᠮ ᠢᠶᠠᠷ ᠦᠨᠳᠦᠰᠦᠨ ᠠᠵᠢᠯᠯᠠᠭ᠎ᠠ ᠪᠣᠯᠭᠠᠨ ᠠᠰᠠᠷᠠᠬᠤ ᠪᠠ ᠬᠥᠮᠦᠵᠢᠭᠦᠯᠬᠦ ᠶᠢ ᠨᠢᠭᠳᠠᠤᠶᠠᠯᠳᠤᠭᠤᠯᠤᠨ ᠂ ᠬᠡᠦᠬᠡᠳ ᠢ ᠪᠦᠬᠦ ᠲᠠᠯ᠎ᠠ ᠪᠠᠷ ᠬᠥᠭᠵᠢᠭᠦᠯᠵᠦ ᠂ ᠬᠥᠳᠡᠯᠪᠦᠷᠢ ᠳᠦ ᠳᠤᠷᠠᠳᠤᠭᠰᠠᠨ ᠬᠢᠴᠢᠶᠡᠯ ᠲᠥᠷᠦᠯ  ᠢ ᠭᠦᠢᠴᠡᠳ ᠨᠡᠬᠡᠬᠡᠵᠦ ᠂ ᠬᠡᠦᠬᠡᠳ  ᠤᠨ ᠨᠠᠰᠤᠨ ᠤ ᠣᠨᠴᠠᠯᠢᠭ ᠂ ᠣᠷᠤᠨ ᠨᠤᠲᠤᠭ  ᠤᠨ ᠣᠨᠴᠠᠯᠢᠭ ᠂ ᠮᠣᠩᠭᠤᠯ ᠰᠣᠶᠤᠯ  ᠢᠶᠠᠨ ᠳᠤᠪᠤᠢᠯᠭᠠᠨ ᠂ ᠮᠣᠩᠭᠤᠯ ᠵᠠᠩ ᠦᠢᠯᠡ ᠶᠢᠨ ᠬᠥᠮᠦᠵᠢᠯ ᠪᠠ ᠰᠠᠢᠨ ᠰᠠᠢᠬᠠᠨ ᠳᠠᠳᠭᠠᠯ  ᠤᠨ ᠬᠥᠮᠦᠵᠢᠯ  ᠢ ᠳᠤᠪᠦᠢᠯᠭᠠᠨ ᠂ ᠬᠡᠦᠬᠡᠳ  ᠢ ᠪᠠᠶᠠᠷ ᠬᠦᠷ  ᠲᠠᠢ ᠨᠠᠭᠠᠳᠤᠮ ᠲᠣᠭᠯᠠᠭᠠᠮ ᠤᠨ ᠳᠤᠮᠳᠠ ᠰᠤᠷᠴᠤ ᠳᠤᠮᠤᠭᠠᠵᠢᠵᠤ ᠂ ᠪᠤᠰᠤᠳ  ᠤᠨ ᠶᠠᠷᠢᠬᠤ  ᠶᠢ ᠠᠩᠬᠠᠷᠤᠨ ᠰᠣᠨᠤᠰᠴᠤ ᠴᠢᠳᠠᠬᠤ ᠂ ᠰᠡᠳᠭᠢᠨ ᠪᠣᠳᠤᠯᠬᠢᠯᠠᠵᠤ ᠴᠢᠳᠠᠬᠤ ᠂ ᠣᠨᠤᠪᠴᠢᠲᠠᠢ ᠪᠡᠷ ᠶᠠᠷᠢᠵᠤ ᠢᠯᠡᠳᠭᠡᠵᠦ ᠴᠢᠳᠠᠬᠤ ᠂ ᠴᠡᠭᠡᠵᠢᠯᠡᠨ ᠲᠤᠩᠭᠠᠵᠤ ᠴᠢᠳᠠᠬᠤ ᠂ ᠭᠤᠸ᠎ᠠ ᠰᠠᠢᠬᠠᠨ  ᠤ ᠬᠥᠮᠦᠵᠢᠯ ᠬᠦᠷᠲᠡᠬᠦ ᠵᠡᠷᠭᠡ ᠪᠦᠬᠦ ᠲᠠᠯ᠎ᠠ ᠪᠡᠷ ᠬᠥᠭᠵᠢᠬᠦ  ᠶᠢ ᠡᠯ᠎ᠡ ᠲᠥᠷᠦᠯ  ᠤᠨ ᠬᠢᠴᠢᠶᠡᠯ ᠳᠦ ᠠᠭᠤᠰᠭᠠᠨ ᠂ ᠪᠦᠬᠦ ᠪᠠᠭᠰᠢ ᠨᠠᠷ  ᠲᠠᠢ ᠬᠠᠮᠵᠢᠯᠴᠠᠨ ᠰᠢᠨ᠎ᠡ ᠡᠷᠡᠨ ᠤ ᠰᠢᠨᠵᠢᠯᠡᠬᠦ ᠤᠬᠠᠭᠠᠨᠴᠢ ᠵᠢᠭᠠᠨ ᠰᠤᠷᠭᠠᠬᠤ ᠠᠷᠭ᠎ᠠ ᠠᠪᠴᠠᠯ ᠢ ᠰᠦᠪᠡᠭᠴᠢᠯᠡᠵᠦ ᠪᠠᠢᠨ᠎ᠠ ᠃ ᠦᠢᠯᠡᠴᠢᠯᠡᠭᠴᠢ ᠬᠥᠮᠦᠨ  ᠤ ᠵᠠᠮ ᠰᠠᠷᠠᠭᠤᠯ ᠳᠠᠷᠳᠠᠩ ᠪᠠᠢᠬᠤ ᠶᠣᠰᠤᠲᠠᠢ ᠃ ᠠᠷᠢᠭᠤᠨ ᠪᠠᠭᠰᠢ  ᠶᠢᠨ ᠦᠢᠯᠡᠰ  ᠤᠨ ᠴᠡᠩᠬᠡᠷ ᠬᠠᠷᠭᠤᠢ  ᠳᠦ ᠪᠠᠨ ᠳᠦᠭᠦᠷᠡᠩ ᠪᠡᠯᠭᠡ ᠲᠡᠭᠦᠰ ᠠᠮᠵᠢᠯᠲᠠ ᠲᠠᠢ ᠪᠠᠢᠬᠤ  ᠶᠢ ᠳᠥᠷᠦᠭᠡᠨ ᠳᠦ ᠨᠢ ᠰᠦ ᠲᠤᠰᠭᠠᠵᠤ ᠮᠢᠯᠢᠶᠠᠶ᠎ᠠ ︕

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
蒙ICP备14003075号
通信地址:巴林左旗教师进修学校蒙文部 哈那格尔 联系电话:13214869655
Copyright © www.balinedu.com All Right Reserved.内蒙古德力海信息技术有限公司技术支持