ᠵᠠᠩ ᠦᠢᠯᠡ
ᠵᠡᠭᠦᠨ ᠪᠠᠭᠠᠷᠢᠨ ᠤ ᠬᠣᠰᠢᠭᠤ ᠤᠪᠤᠭ᠎ᠠ ᠶᠢᠨ ᠥᠴᠦᠭᠡᠳᠦᠷ ᠪᠠ ᠥᠨᠦᠳᠦᠷ ︱ ᠮᠥᠩᠬᠡ
2012.11.26 ᠲᠣᠰ ᠥᠷᠲᠡᠭᠡᠨ ᠦ ᠨᠠᠢᠷᠠᠭᠤᠯᠤᠭᠴᠢ

    ᠪᠠᠭᠠᠷᠢᠨ ᠵᠡᠭᠦᠨ ᠬᠣᠰᠢᠭᠤ ᠪᠣᠯ ᠮᠣᠩᠭᠤᠯ ᠦᠨᠳᠦᠰᠦᠲᠡᠨ ᠢᠶᠠᠷ ᠭᠣᠣᠯ ᠴᠣᠭᠴᠠ ᠪᠣᠯᠭᠠᠵᠤ ᠂ ᠬᠢᠲᠠᠳ ᠦᠨᠳᠦᠰᠦᠲᠡᠨ ᠣᠯᠠᠩᠬᠢ ᠲᠣᠭ᠎ᠠ ᠶᠢ ᠡᠵᠡᠯᠡᠭᠰᠡᠨ ᠬᠣᠰᠢᠭᠤ ᠪᠣᠯᠬᠤ ᠶᠤᠮ ᠃ ᠣᠳᠤ ᠪᠦᠬᠦ ᠬᠣᠰᠢᠭᠤᠨ ᠤ ᠭᠤᠴᠢᠨ ᠵᠢᠷᠭᠤᠭᠠᠨ ᠲᠦᠮᠡᠨ ᠬᠥᠮᠦᠨ ᠠᠮᠠ  ᠶᠢᠨ ᠳᠣᠲᠤᠷ᠎ᠠ ᠮᠣᠩᠭᠤᠯ ᠦᠭᠡ ᠬᠡᠯᠡ ᠦᠰᠦᠭ ᠪᠢᠴᠢᠭ᠌ ᠢᠶᠠᠨ ᠬᠡᠷᠡᠭᠯᠡᠵᠦ ᠪᠠᠢᠭ᠎ᠠ ᠬᠥᠮᠦᠨ ᠤ ᠲᠣᠭ᠎ᠠ ᠨᠢ ᠭᠤᠷᠪᠠᠨ ᠲᠦᠮᠡ ᠭᠠᠷᠤᠢ ᠪᠠᠢᠵᠤ ᠂ ᠣᠯᠠᠩᠬᠢ ᠨᠢ ᠴᠠᠭᠠᠨᠬᠠᠳᠠ ᠂ ᠤᠯᠠᠭᠠᠨᠳᠠᠪᠠᠭ᠎ᠠ ᠂ ᠪᠠᠶᠠᠨᠨᠢᠷᠤᠭᠤ ᠭᠤᠷᠪᠠᠨ ᠮᠠᠯᠵᠢᠬᠤ ᠰᠤᠮᠤ ᠪᠠᠯᠭᠠᠰᠤ ᠪᠠᠷ ᠲᠠᠷᠬᠠᠵᠤ ᠪᠠᠢᠳᠠᠭ ᠃ ᠪᠠᠭᠠᠷᠢᠨ ᠵᠡᠭᠦᠨ ᠬᠣᠰᠢᠭᠤ ᠨᠢ ᠪᠤᠰᠤᠳ ᠮᠣᠩᠭᠤᠯ ᠬᠣᠰᠢᠭᠤ ᠨᠤᠲᠤᠭ ᠤᠳ ᠲᠠᠢ ᠠᠳᠠᠯᠢᠬᠠᠨ ᠰᠣᠶᠤᠯ ᠲᠡᠦᠬᠡ ᠶᠢᠨ ᠲᠤᠨᠤᠳᠠᠰᠤ ᠥᠳᠭᠡᠨ ᠪᠠᠢᠳᠠᠭ ᠭᠠᠵᠠᠷ ᠤᠰᠤᠨ ᠶᠤᠮ ᠃ ᠴᠢᠩ ᠤᠯᠤᠰ ᠤᠨ ᠡᠶᠡᠪᠡᠷ ᠵᠠᠰᠠᠭᠴᠢ ᠶᠢᠨ ᠲᠠᠪᠤᠳᠤᠭᠠᠷ ᠤᠨ ( 1648 ᠤᠨ ) ᠳ᠋ᠤ ᠪᠠᠭᠠᠷᠢᠨ ᠠᠢᠮᠠᠭ ᠢ ᠪᠠᠷᠠᠭᠤᠨ ᠵᠡᠭᠦᠨ ᠬᠣᠶᠠᠷ ᠬᠣᠰᠢᠭᠤ ᠬᠤᠪᠢᠶᠠᠨ ᠂ ᠠᠢᠮᠠᠭ ᠤᠨ ᠨᠣᠶᠠᠨ ᠰᠸᠳᠡᠷ ᠤᠨ ᠬᠥᠪᠡᠭᠦᠨ ᠰᠸᠪᠳᠡᠨ ᠢ ᠵᠢᠶᠦ᠋ᠨ ᠸᠠᠩ ᠡᠷᠭᠦᠮᠵᠢᠯᠡᠵᠤ ᠂ ᠪᠠᠭᠠᠷᠢᠨ ᠪᠠᠷᠠᠭᠤᠨ ᠭᠠᠷᠤᠨ ᠬᠣᠰᠢᠭᠤ ᠶᠢ ᠵᠠᠬᠢᠷᠠᠭᠤᠯᠤᠨ ᠂ ᠠᠴᠢ ᠬᠥᠪᠡᠭᠦᠨ ᠮᠠᠨᠽᠤᠰᠢᠷᠢ ᠶᠢ ᠪᠡᠢᠰᠡ ᠡᠷᠭᠦᠮᠵᠢᠯᠡᠵᠤ ᠂ ᠪᠠᠭᠠᠷᠢᠨ ᠵᠡᠭᠦᠨ ᠭᠠᠷᠤᠨ ᠬᠣᠰᠢᠭᠤᠨ ᠤ ᠵᠠᠰᠠᠭ ᠨᠣᠶᠠᠨ ᠪᠣᠯᠭᠠᠭᠰᠠᠨ  ᠡᠴᠡ ᠨᠠᠰᠢ ᠮᠣᠩᠭᠤᠯ ᠦᠨᠳᠦᠰᠦᠲᠡᠨ ᠤ ᠲᠡᠦᠬᠡᠨ ᠳᠤ ᠵᠡᠭᠦᠨ ᠪᠠᠭᠠᠷᠢᠨ ᠭᠡᠬᠦ ᠬᠣᠰᠢᠭᠤ ᠨᠤᠲᠤᠭ ᠪᠤᠢ ᠪᠣᠯᠤᠭᠰᠠᠨ ᠶᠤᠮ ᠃ ᠴᠢᠩ ᠤᠯᠤᠰ ᠤᠨ ᠪᠠᠳᠠᠷᠠᠭᠤᠯᠲᠤ ᠲᠥᠷᠦ ᠶᠢᠨ ᠠᠷᠪᠠᠨ ᠳᠥᠷᠪᠡᠳᠦᠭᠡᠷ ᠤᠨ ( 1888 ᠤᠨ ) ᠳ᠋ᠤ ᠂ ᠪᠠᠭᠠᠷᠢᠨ ᠵᠡᠭᠦᠨ ᠭᠠᠷᠤᠨ ᠬᠣᠰᠢᠭᠤᠨ ᠤ ᠮᠡᠷᠭᠡᠨ ᠪᠡᠢᠰᠡ ᠲᠤᠢᠩᠬᠤᠷᠵᠠᠪ ᠪᠡᠢᠰᠡ ᠡᠷᠭᠦᠮᠵᠢᠯᠡᠭᠳᠡᠭᠰᠡᠨ ᠤ ᠳᠠᠷᠠᠭ᠎ᠠ ᠂ ᠰᠠᠢᠬᠠᠨ ᠬᠠᠨ ᠠᠭᠤᠯᠠ  ᠶᠢᠨ ᠭᠣᠣᠯ ᠤᠷᠤᠢ ᠡᠴᠡ ᠭᠤᠷᠪᠠᠨ ᠵᠠᠭᠤᠨ ᠮᠧᠲ᠋ᠷ ᠳᠣᠣᠷ᠎ᠠ ᠪᠠᠢᠭ᠎ᠠ ᠲᠡᠭᠰᠢ ᠰᠠᠢᠬᠠᠨ ᠭᠠᠵᠠᠷ ᠢ ᠰᠣᠩᠭᠤᠵᠤ ᠂ ᠬᠣᠰᠢᠭᠤ ᠤᠪᠤᠭ᠎ᠠ ᠪᠣᠰᠭᠠᠭᠰᠠᠨ ᠪᠥᠭᠡᠳ ᠵᠢᠯ ᠪᠦᠷᠢ ᠶᠢᠨ ᠪᠢᠯᠢᠭ᠌ ᠤᠨ ᠤᠯᠠᠷᠢᠯ ᠤᠨ ᠵᠢᠷᠭᠤᠭᠠᠨ ᠰᠠᠷ᠎ᠠ ᠶᠢᠨ ᠲᠤᠯᠤᠭᠠᠨ ᠳᠤ ᠪᠡᠶ᠎ᠡ ᠪᠠᠷ ᠢᠶᠠᠨ ᠲᠠᠬᠢᠯᠭ᠎ᠠ ᠲᠠᠯᠪᠢᠵᠤ ᠨᠠᠢᠷ ᠬᠢᠳᠡᠭ ᠪᠠᠢᠵᠠᠢ ᠃ ᠳᠡᠭᠡᠷ᠎ᠡ ᠵᠠᠭᠤᠨ ᠤ ᠭᠤᠴᠢᠭᠠᠳ ᠤᠨ ᠪᠣᠯᠲᠠᠯ᠎ᠠ ᠪᠠᠭᠠᠷᠢᠨᠴᠤᠳ ᠤᠨ ᠲᠠᠬᠢᠵᠤ ᠪᠠᠢᠭᠰᠠᠨ ᠤᠪᠤᠭ᠎ᠠ ᠪᠣᠯ ᠵᠡᠭᠦᠨ ᠪᠠᠭᠠᠷᠢᠨ ᠤ ᠬᠣᠰᠢᠭᠤ ᠤᠪᠤᠭ᠎ᠠ ᠶᠢᠨ ᠱᠦᠩᠰᠢᠭ ᠢ ᠰᠢᠯᠵᠢᠭᠦᠯᠦᠭᠡᠳ ᠪᠣᠰᠭᠠᠭᠰᠠᠨ ᠤᠪᠤᠭ᠎ᠠ ᠪᠣᠯᠬᠤ ᠶᠤᠮ᠂ ᠴᠢᠯᠦᠭᠡᠯᠡᠭᠳᠡᠭᠰᠡᠨ ᠤ ᠳᠠᠷᠠᠭ᠎ᠠ ᠪᠠᠭᠠᠷᠢᠨ ᠵᠡᠭᠦᠨ ᠬᠣᠰᠢᠭᠤᠨ ᠤ ᠬᠣᠰᠢᠭᠤ ᠣᠪᠤᠭᠠᠨ ᠲᠠᠬᠢᠯᠭ᠎ᠠ ᠶᠢᠨ ᠬᠡᠪᠴᠢᠶ᠎ᠡ ᠨᠢ ᠥᠷᠭᠡᠵᠢᠨ ᠂ ᠠᠭᠤᠯᠭ᠎ᠠ ᠨᠢ ᠨᠡᠮᠡᠭᠳᠡᠭᠡᠳ ᠨᠠᠭᠠᠳᠤᠮ ᠲᠣᠭᠯᠠᠭᠠᠮ ᠤᠨ ᠲᠥᠷᠦᠯ ᠵᠦᠢᠯ ᠴᠤ ᠣᠯᠠᠰᠢᠷᠠᠵᠠᠢ ᠃ ᠤᠤᠯ ᠤᠨ ᠪᠥᠬᠡ ᠪᠠᠷᠢᠯᠳᠤᠬᠤ ᠂ ᠮᠣᠷᠢ ᠤᠷᠤᠯᠳᠤᠬᠤ ᠡᠴᠡ ᠭᠠᠳᠠᠨ᠎ᠠ ᠂ ᠴᠡᠷᠢᠭ ᠤᠨ ᠰᠣᠷᠢᠯᠲᠠ ᠬᠢᠬᠦ ᠂ ᠬᠥᠳᠡᠯᠮᠦᠷᠢ ᠶᠢᠨ ᠵᠢᠱᠢᠶᠡᠴᠢ ᠶᠢ ᠬᠦᠭᠢᠬᠦᠯᠬᠦ ᠂ ᠺᠢᠨᠤ᠋ ᠭᠠᠷᠭᠠᠬᠤ ᠂ ᠤᠷᠠᠨ ᠰᠠᠢᠬᠠᠨ ᠤ ᠲᠣᠭᠯᠠᠯᠲᠠ ᠭᠠᠷᠭᠠᠬᠤ ᠵᠡᠷᠭᠡ ᠠᠭᠤᠯᠭ᠎ᠠ ᠲᠠᠢ ᠪᠣᠯᠤᠭᠰᠠᠨ ᠪᠠᠢᠨ᠎ᠠ ᠃ ᠪᠠᠭᠠᠷᠢᠨ ᠵᠡᠭᠦᠨ ᠬᠣᠰᠢᠭᠤᠨ ᠤ ᠬᠠᠮᠤᠭ ᠰᠡᠭᠦᠯᠴᠢ ᠶᠢᠨ ᠬᠣᠰᠢᠭᠤ ᠣᠪᠤᠭᠠᠨ ᠲᠠᠬᠢᠯᠭ᠎ᠠ ᠶᠢ 1952  ᠤᠨ ᠳᠤ ᠵᠤᠤ ᠤᠳᠠ ᠠᠢᠮᠠᠭ ᠤᠨ ᠵᠠᠰᠠᠭ  ᠤᠨ ᠣᠷᠳᠤᠨ ( ᠲᠤᠬᠠᠢ ᠶᠢᠨ ᠦᠶ᠎ᠡ ᠳᠤ ᠯᠢᠨᠳᠦ᠋ᠩ ᠳᠤ ᠪᠠᠢᠪᠠ ) ᠡᠴᠡ ᠡᠷᠬᠢᠯᠡᠨ ᠬᠢᠭᠰᠡᠨ ᠪᠥᠭᠡᠳ ᠲᠠᠬᠢᠯᠭ᠎ᠠ ᠶᠢᠨ ᠳᠠᠷᠠᠭ᠎ᠠ ᠪᠦᠬᠦ ᠠᠢᠮᠠᠭ ᠤᠨ ᠬᠡᠪᠴᠢᠶᠡᠨ  ᠤ ᠲᠠᠮᠢᠷᠴᠢᠳ ᠣᠷᠤᠯᠴᠠᠭᠰᠠᠨ ᠶᠡᠬᠡ ᠨᠠᠢᠷ ᠢ ᠬᠢᠭᠰᠡᠨ ᠪᠥᠭᠡᠳ ᠡᠯ᠎ᠡ ᠠᠵᠢᠯ ᠲᠥᠷᠦᠯ ᠤᠨ ᠵᠢᠱᠢᠶᠡᠴᠦᠤᠯ ᠢ ᠱᠠᠩᠨᠠᠨ ᠬᠦᠬᠢᠭᠦᠯᠦᠭᠰᠡᠨ ᠪᠠᠢᠪᠠ ᠃ ᠲᠤᠰ ᠵᠢᠯ ᠳᠤ ᠂ ᠪᠠᠭᠠᠷᠢᠨ ᠵᠡᠭᠦᠨ ᠬᠣᠰᠢᠭᠤᠨ ᠤᠨ ᠵᠢᠷᠭᠤᠳᠤᠭᠠᠷ ᠲᠣᠭᠤᠷᠢᠭ ᠪᠣᠯᠬᠤ ᠨᠤᠤᠷᠭᠠᠢ ᠨᠤᠲᠤᠭ ᠪᠠ ᠲᠠᠪᠤᠳᠤᠭᠠᠷ ᠲᠣᠭᠤᠷᠢᠭ ᠪᠣᠯᠬᠤ ᠰᠤᠪᠤᠷᠭ᠎ᠠ ᠨᠤᠲᠤᠭ ᠢ ᠪᠠᠭᠠᠷᠢᠨ ᠪᠠᠷᠠᠭᠤᠨ ᠬᠣᠰᠢᠭᠤᠨ ᠳᠤ ᠥᠭᠴᠦ ᠵᠠᠬᠢᠷᠠᠭᠤᠯᠤᠭᠰᠠᠨ ᠪᠣᠯᠬᠣᠷ ᠰᠠᠢᠬᠠᠨ ᠬᠠᠨ ᠠᠭᠤᠯᠠ ᠶᠢᠨ ᠶᠡᠬᠡᠩᠬᠢ ᠬᠡᠰᠡᠭ ᠨᠢ ᠪᠠᠷᠠᠭᠤᠨ ᠪᠠᠭᠠᠷᠢᠨ ᠳᠤ ᠬᠠᠷᠢᠶᠠᠯᠠᠭᠳᠠᠬᠤ ᠪᠣᠯᠤᠭᠰᠠᠨ ᠪᠥᠭᠡᠳ ᠬᠣᠰᠢᠭᠤ ᠤᠪᠤᠭ᠎ᠠ ᠨᠢ ᠴᠤ ᠪᠠᠭᠠᠷᠢᠨ ᠪᠠᠷᠠᠭᠤᠨ ᠬᠣᠰᠢᠭᠤᠨ ᠤ ᠬᠠᠷᠢᠶᠠᠨ ᠳᠤ ᠳᠠᠭᠠᠯᠳᠤᠨ ᠣᠷᠤᠵᠠᠢ ᠃ ᠲᠡᠭᠦᠨ ᠡᠴᠡ ᠬᠣᠢᠨ᠎ᠠ ᠵᠡᠭᠦᠨ ᠪᠠᠭᠠᠷᠢᠨ ᠤ ᠬᠣᠰᠢᠭᠤ ᠣᠪᠤᠭᠠᠨ ᠲᠠᠬᠢᠯᠭ᠎ᠠ ᠪᠣᠯᠬᠤ ᠰᠠᠢᠬᠠᠨ ᠬᠠᠨ ᠠᠭᠤᠯᠠ ᠶᠢᠨ ᠣᠪᠤᠭᠠᠨ ᠲᠠᠬᠢᠯᠭ᠎ᠠ ᠵᠣᠭᠰᠤᠭᠰᠠᠨ ᠪᠠᠢᠨ᠎ᠠ ᠃

    2009 ᠤᠨ ᠤ 8 ᠰᠠᠷ᠎ᠠ ᠶᠢᠨ18 ᠳ᠋ᠤ ᠪᠠᠭᠠᠷᠢᠨ ᠵᠡᠭᠦᠨ ᠬᠣᠰᠢᠭᠤᠨ ᠤ ᠮᠣᠩᠭᠤᠯ ᠤᠯᠠᠮᠵᠢᠯᠠᠯᠲᠤ ᠰᠣᠶᠤᠯ ᠤᠨ ᠨᠡᠢᠭᠡᠮᠯᠢᠭ ᠪᠠᠢᠭᠤᠯᠤᠭᠳᠠᠭᠰᠠᠨ ᠤ ᠳᠠᠷᠠᠭ᠎ᠠ ᠂ ᠨᠡᠢᠭᠡᠮᠯᠢᠭ ᠤᠨ ᠲᠡᠷᠢᠭᠦᠯᠡᠭᠴᠢ ᠰᠢᠨᠡᠪᠠᠶᠠᠷ ᠂ ᠳᠡᠳ᠋ ᠲᠡᠷᠢᠭᠦᠯᠡᠭᠴᠢ ᠪᠠᠶᠠᠷ ᠂ ᠨᠣ᠊ ᠂ ᠴᠢᠯᠠᠭᠤᠨᠪᠠᠭᠠᠨ᠎ᠠ ᠂ ᠬᠠᠰᠪᠠᠭᠠᠨ᠎ᠠ ᠂ ᠪᠠ ᠢ ᠵᠡᠷᠭᠡ ᠳᠠᠷᠤᠭ᠎ᠠ ᠨᠠᠷ ᠪᠦᠬᠦ ᠭᠡᠰᠢᠭᠦᠳ ᠬᠢᠭᠡᠳ ᠮᠠᠯᠴᠢᠨ ᠲᠦᠮᠡᠨ ᠢᠶᠠᠨ ᠳᠠᠢᠴᠢᠯᠠᠨ ᠂ ᠬᠣᠰᠢᠭᠤ ᠨᠤᠲᠤᠭ ᠤᠨ ᠢᠶᠠᠨ ᠥᠪ ᠰᠣᠶᠤᠯ ᠢ ᠰᠡᠷᠭᠦᠭᠡᠨ ᠠᠮᠢᠯᠠᠭᠤᠯᠬᠤ ᠪᠠ ᠵᠠᠯᠭᠠᠮᠵᠢᠯᠠᠨ ᠬᠥᠭᠵᠢᠭᠦᠯᠬᠦ ᠠᠵᠢᠯᠯᠠᠭᠠᠨ ᠤᠳ ᠢ ᠲᠥᠯᠦᠪᠯᠡᠭᠡ ᠲᠠᠢ ᠂ ᠠᠯᠬᠤᠮ ᠳᠠᠷᠠᠭ᠎ᠠ ᠲᠠᠢ ᠂ ᠬᠠᠷᠠᠯᠲᠠ ᠲᠠᠢ ᠪᠠᠷ ᠪᠠᠢᠷᠢᠯᠠᠭᠤᠯᠤᠨ ᠦᠷᠨᠢᠭᠦᠯᠵᠤ ᠂ ᠬᠣᠰᠢᠭᠤ ᠨᠤᠲᠤᠭ ᠤᠨ  ᠢᠶᠠᠨ ᠮᠣᠩᠭᠤᠯ ᠰᠣᠶᠤᠯ ᠤᠨ ᠬᠥᠭᠵᠢᠯ ᠪᠠᠳᠠᠷᠠᠯ ᠳᠤ ᠰᠢᠨ᠎ᠡ ᠰᠣᠷᠭᠤᠭ ᠠᠭᠤᠷ ᠠᠮᠢᠰᠭᠤᠯ ᠢ ᠠᠪᠴᠢᠷᠠᠵᠤ ᠥᠭᠭᠦᠭᠰᠡᠨ ᠪᠢᠯᠡ ᠃ ᠡᠨᠡ ᠵᠢᠯ ᠭᠣᠣᠯᠳᠠᠯᠭ᠎ᠠ ᠪᠣᠯᠭᠠᠨ ᠠᠳᠭᠤᠵᠤ ᠥᠷᠨᠢᠭᠦᠯᠦᠭᠰᠡᠨ ᠬᠣᠰᠢᠭᠤ ᠣᠪᠤᠭᠠᠨ ᠲᠠᠬᠢᠯᠭ᠎ᠠ ᠶᠢ ᠰᠡᠷᠭᠦᠭᠡᠬᠦ ᠠᠵᠢᠯᠯᠠᠭ᠎ᠠ ᠪᠣᠯ ᠨᠡᠢᠭᠡᠮᠯᠢᠭ ᠤᠨ ᠵᠣᠬᠢᠶᠠᠨ ᠪᠠᠢᠭᠤᠯᠤᠨ ᠦᠷᠨᠢᠭᠦᠯᠵᠤ ᠪᠠᠢᠭ᠎ᠠ ᠮᠣᠩᠭᠤᠯ ᠤᠯᠠᠮᠵᠢᠯᠠᠯᠲᠤ ᠰᠣᠶᠤᠯ ᠤᠨ ᠠᠵᠢᠯᠯᠠᠭᠠᠨ ᠤ ᠳᠣᠲᠤᠷᠠᠬᠢ ᠨᠢᠭᠡ ᠴᠢᠬᠤᠯᠠ ᠠᠭᠤᠯᠭ᠎ᠠ ᠨᠢ ᠪᠣᠯᠬᠤ ᠶᠤᠮ ᠃ 2012 ᠤᠨ ᠤ ᠴᠠᠭᠠᠨ ᠰᠠᠷ᠎ᠠ ᠶᠢᠨ ᠰᠢᠨ᠎ᠡ ᠶᠢᠨ ᠶᠢᠰᠦᠨ ᠳᠤ ᠪᠣᠯᠤᠭᠰᠠᠨ ᠵᠡᠭᠦᠨ ᠪᠠᠭᠠᠷᠢᠨ ᠤ ᠮᠣᠩᠭᠤᠯᠴᠤᠳ ᠤᠨ ᠴᠠᠭᠠᠨ ᠰᠠᠷ᠎ᠠ ᠶᠢᠨ ᠵᠣᠯᠭᠠᠯᠲᠠ ᠶᠢᠨ ᠨᠠᠢᠷ ᠳᠡᠭᠡᠷ᠎ᠡ ᠰᠢᠨᠡᠪᠠᠶᠠᠷ ᠲᠡᠷᠢᠭᠦᠯᠡᠭᠴᠢ ᠡᠴᠡ ᠄ 《 ᠡᠨᠡ ᠵᠢᠯ ᠬᠣᠰᠢᠭᠤ ᠤᠪᠤᠭ᠎ᠠ ᠪᠠᠨ ᠵᠠᠪᠠᠯ ᠰᠡᠷᠭᠦᠭᠡᠨ᠎ᠡ 》 ᠭᠡᠵᠦ ᠤᠯᠠᠨ ᠳᠤ ᠮᠡᠳᠡᠭᠳᠡᠭᠰᠡᠨ ᠤ ᠳᠠᠷᠠᠭ᠎ᠠ ᠲᠤᠰ ᠤᠪᠤᠭ᠎ᠠ ᠰᠡᠷᠭᠦᠭᠡᠬᠦ ᠠᠵᠢᠯ ᠠᠯᠬᠤᠮ ᠳᠠᠷᠠᠭ᠎ᠠ ᠲᠠᠢ ᠪᠠᠷ ᠭᠠᠷᠳᠠᠨ ᠶᠠᠪᠤᠭᠳᠠᠭᠰᠠᠨ ᠶᠤᠮ ᠃ ᠪᠦᠬᠦᠢᠯᠡ ᠶᠠᠪᠤᠴᠠ ᠶᠢ ᠨᠢ ᠳᠥᠬᠦᠮᠴᠢᠯᠡᠨ ᠲᠤᠷᠠᠳᠤᠪᠠᠯ ᠄ 3 ᠰᠠᠷ᠎ᠠ ᠶᠢᠨ26 ᠣ᠋ ᠡᠳᠦᠷ ᠂ ᠮᠣᠩᠭᠤᠯ ᠤᠯᠠᠮᠵᠢᠯᠠᠯᠲᠤ ᠰᠣᠶᠤᠯ ᠤᠨ ᠨᠡᠢᠭᠡᠮᠯᠢᠭ ᠨᠢ ᠭᠣᠣᠯ ᠪᠦᠷᠢᠯᠳᠦᠬᠦᠨ ᠬᠥᠮᠦᠰ ᠢᠶᠠᠨ ᠴᠤᠭᠯᠠᠭᠤᠯᠤᠨ ᠲᠤᠰᠭᠠᠢ ᠬᠤᠷᠠᠯ ᠬᠤᠷᠠᠯᠳᠤᠭᠤᠯᠤᠨ ᠂ ᠬᠣᠰᠢᠭᠤ ᠤᠪᠤᠭ᠎ᠠ ᠰᠡᠷᠭᠦᠭᠡᠬᠦ ᠠᠵᠢᠯ ᠤᠨ ᠠᠩᠬᠠᠨ ᠤ ᠲᠥᠰᠦᠪ  ᠪᠠᠨ ᠶᠠᠷᠢᠯᠴᠠᠨ ᠲᠣᠭᠲᠠᠬᠤ ᠶᠢᠨ ᠬᠠᠮᠲᠤ ᠲᠤᠰ ᠠᠵᠢᠯ ᠤᠨ ᠤᠳᠤᠷᠢᠳᠬᠤ ᠪᠠᠭ  ᠢ ᠵᠥᠪᠳᠡᠨ ᠪᠠᠢᠭᠤᠯᠤᠭᠰᠠᠨ ᠪᠠᠢᠨ᠎ᠠ ᠃ 4 ᠳ᠋ᠤᠭᠡᠷ ᠰᠠᠷ᠎ᠠ ᠶᠢᠨ 10 ᠳ᠋ᠤ ᠪᠣᠯᠤᠭᠰᠠᠨ ᠦᠵᠦᠭ ᠤᠨ ᠴᠤᠭᠯᠠᠭᠠᠨ ᠳᠡᠭᠡᠷ᠎ᠡ 《 ᠬᠣᠰᠢᠭᠤ ᠤᠪᠤᠭ᠎ᠠ ᠶᠢ ᠰᠡᠷᠭᠦᠭᠡᠨ ᠪᠠᠢᠭᠤᠯᠬᠤ ᠭᠠᠵᠠᠷ  ᠢ ᠰᠣᠩᠭᠤᠵᠤ ᠲᠣᠭᠲᠠᠭᠠᠬᠤ 》 ᠲᠤᠰᠭᠠᠢ ᠶᠠᠷᠢᠯᠴᠠᠭ᠎ᠠ ᠵᠣᠬᠢᠶᠠᠨ ᠪᠠᠢᠭᠤᠯᠤᠨ ᠥᠷᠨᠢᠭᠦᠯᠦᠭᠰᠡᠨ ᠪᠥᠭᠡᠳ ᠬᠡᠰᠡᠭ ᠪᠦᠯᠦᠭ ᠨᠠᠰᠤᠳᠠᠢ᠌ᠴᠤᠳ ᠤᠨ ᠰᠠᠨᠠᠯ ᠢ ᠭᠣᠣᠯ ᠰᠡᠳᠦᠪ ᠪᠣᠯᠭᠠᠨ ᠶᠠᠷᠢᠯᠴᠠᠭᠤᠯᠵᠤ ᠂ ᠦᠵᠡᠯᠲᠡ ᠪᠠᠨ ᠨᠢᠭᠡᠳᠭᠡᠭᠰᠡᠨ ᠤ ᠰᠠᠭᠤᠷᠢᠨ ᠳᠡᠭᠡᠷ᠎ᠡ ᠂ ᠰᠠᠢᠬᠠᠨ ᠬᠠᠨ ᠠᠭᠤᠯᠠ ᠶᠢᠨ ᠵᠡᠭᠦᠨ ᠡᠮᠦᠨ᠎ᠡ ᠬᠠᠢᠷᠬᠠᠨ ᠪᠣᠯᠬᠤ ᠰᠠᠢᠬᠠᠨ ᠤᠷᠤᠢ ᠶᠢᠨ ᠤᠪᠤᠭ᠎ᠠ ᠶᠢ ᠬᠣᠰᠢᠭᠤ ᠤᠪᠤᠭ᠎ᠠ ᠪᠣᠯᠭᠠᠨ ᠰᠢᠨᠡᠳᠭᠡᠨ ᠵᠠᠰᠠᠵᠤ ᠂ ᠱᠦᠩᠰᠢᠭᠯᠡᠵᠤ ᠲᠠᠬᠢᠬᠤ ᠪᠠᠷ ᠲᠤᠭᠲᠠᠭᠰᠠᠨ ᠪᠢᠯᠡ ᠃ 5 ᠰᠠᠷ᠎ᠠ ᠶᠢᠨ 26 ᠣ᠋ ᠡᠳᠦᠷ ᠂ ᠦᠨᠳᠦᠰᠦᠲᠡᠨ ᠱᠠᠰᠢᠨ ᠰᠤᠷᠲᠠᠬᠤᠨ ᠤ ᠲᠤᠪᠴᠢᠶ᠎ᠡ ᠶᠢᠨ ᠬᠢᠨ ᠦ᠋ ᠵᠠᠨ ᠶᠤ ᠭᠡᠭᠡᠨ ᠢ ᠵᠠᠯᠠᠨ ᠠᠪᠴᠢᠷᠠᠵᠤ ᠂ ᠰᠠᠢᠬᠠᠨ ᠤᠷᠤᠢ ᠶᠢᠨ ᠭᠠᠵᠠᠷ ᠤᠨ ᠪᠠᠢᠴᠠ ᠶᠢ ᠰᠢᠨᠵᠢᠭᠦᠯᠬᠦ ᠶᠢᠨ ᠬᠠᠮᠲᠤ ᠣᠪᠤᠭᠠᠨ ᠤ ᠪᠠᠨ ᠪᠠᠢᠷᠢᠰᠢᠯ ᠪᠠ ᠬᠠᠷᠠᠴᠠ ᠶᠢ ᠲᠤᠭᠳᠠᠭᠠᠯᠭᠠᠭᠰᠠᠨ ᠪᠥᠭᠡᠳ 7 ᠰᠠᠷ᠎ᠠ ᠶᠢᠨ 13 ᠣ᠋ ᠥᠯᠵᠡᠢᠲᠦ ᠡᠳᠦᠷ ᠢ ᠰᠣᠩᠭᠤᠵᠤ ᠂ ᠤᠪᠤᠭ᠎ᠠ ᠪᠠᠨ ᠱᠦᠩᠰᠢᠭᠯᠡᠨ ᠨᠣᠮ ᠭᠦᠷᠢᠮ ᠤᠩᠰᠢᠭᠤᠯᠵᠤ ᠬᠣᠰᠢᠭᠤ ᠤᠪᠤᠭ᠎ᠠ ᠪᠠᠨ ᠰᠡᠷᠭᠦᠭᠡᠨ ᠠᠮᠢᠯᠠᠭᠤᠯᠤᠭᠰᠠᠨ ᠪᠠᠢᠨ᠎ᠠ ᠃ 7 ᠰᠠᠷ᠎ᠠ ᠶᠢᠨ20 ᠪᠣᠯᠲᠠᠯᠠᠬᠢ ᠬᠤᠭᠤᠴᠠᠭᠠᠨ ᠳᠤ ᠂ ᠨᠡᠢᠭᠡᠮᠯᠢᠭ ᠨᠢ ᠬᠣᠰᠢᠭᠤ ᠵᠠᠰᠠᠭ ᠤᠨ ᠣᠷᠳᠤᠨ ᠤ ᠬᠦᠴᠦᠲᠡᠢ ᠳᠡᠮᠵᠢᠯᠭᠡ ᠳᠣᠣᠷ᠎ᠠ ᠂ ᠰᠠᠢᠬᠠᠨ ᠤᠷᠤᠢ ᠶᠢᠨ ᠤᠪᠤᠭ᠎ᠠ  ᠶᠢ ᠴᠢᠯᠠᠭᠤ ᠨᠡᠮᠡᠵᠦ ᠶᠡᠬᠡᠰᠭᠡᠬᠦ ( ᠰᠠᠭᠤᠷᠢ ᠶᠢᠨ ᠳ᠋ᠢᠶᠠᠮᠧᠲ᠋ᠷ ᠢ ᠨᠢ 9 ᠮᠧᠲ᠋ᠷ ᠂ ᠥᠨᠳᠦᠷ ᠢ ᠨᠢ 6 ᠮᠧᠲ᠋ᠷ ᠪᠣᠯᠭᠠᠨ ᠶᠡᠭᠡᠰᠭᠡᠪᠡ ) ᠂ ᠠᠭᠤᠯᠠ ᠶᠢᠨ ᠬᠣᠷᠮᠤᠢ ᠳᠡᠬᠢ ᠭᠠᠵᠠᠷ ᠤᠪᠤᠭ᠎ᠠ ᠶᠢ ᠶᠡᠬᠡᠰᠭᠡᠭᠦ ( ᠰᠠᠭᠤᠷᠢ ᠶᠢᠨ ᠳ᠋ᠢᠶᠠᠮᠧᠲ᠋ᠷ ᠢ ᠨᠢ 6 ᠮᠧᠲ᠋ᠷ ᠂ ᠥᠨᠳᠦᠷ ᠢ ᠨᠢ 4 ᠮᠧᠲ᠋ᠷ ᠪᠣᠯᠭᠠᠨ ᠶᠡᠭᠡᠰᠭᠡᠵᠠᠢ ) ᠂ ᠬᠣᠶᠠᠷ ᠣᠪᠤᠭᠠᠨ ᠤ ᠰᠤᠷᠤᠭᠰᠢᠩ ( ᠭᠣᠣᠯ ) ᠢ ᠰᠢᠨᠡᠳᠭᠡᠬᠦ ᠪᠠ ᠤᠪᠤᠭ᠎ᠠ ᠶᠢ ᠴᠢᠮᠡᠭᠯᠡᠬᠦ ᠂ ᠬᠣᠶᠠᠷ ᠣᠪᠤᠭᠠᠨ ᠳᠤ ᠬᠦᠷᠬᠦ ᠲᠡᠷᠭᠡᠨ ᠵᠠᠮ ᠪᠠ ᠵᠠᠰᠠᠮᠠᠯ ᠵᠠᠮ ᠢ ᠰᠡᠯᠪᠢᠵᠦ ᠵᠠᠰᠠᠬᠤ ᠵᠡᠷᠭᠡ ᠴᠢᠬᠤᠯᠠ ᠴᠢᠬᠤᠯᠠ ᠪᠠᠷᠢᠯᠭ᠎ᠠ ᠶᠢᠨ ᠠᠵᠢᠯ ᠤᠳ  ᠢᠶᠠᠨ ᠬᠢᠵᠦ ᠳᠠᠭᠤᠰᠭᠠᠭᠰᠠᠨ ᠪᠠᠢᠨ᠎ᠠ ᠃ 7 ᠰᠠᠷ᠎ᠠ ᠶᠢᠨ 25 ᠣ᠋ ᠡᠳᠦᠷ ( ᠪᠢᠯᠢᠭ᠌ ᠤᠨ ᠤᠯᠠᠷᠢᠯ ᠤᠨ 6 ᠰᠠᠷ᠎ᠠ ᠶᠢᠨ 7 ᠣ᠋ ᠡᠳᠦᠷ ) ᠶᠢᠨ ᠥᠷᠯᠦᠭᠡ ᠶᠢᠨ 7 ᠴᠠᠭ ᠲᠤ ᠂ ᠪᠠᠶᠠᠨᠨᠢᠷᠤᠭᠤ ᠪᠠᠯᠭᠠᠰᠤᠨ ᠤ ᠵᠠᠰᠠᠭ ᠤᠨ ᠣᠷᠳᠤᠨ ᠡᠴᠡ ᠲᠠᠭᠠᠴᠢᠯᠠᠨ ᠬᠢᠭᠰᠡᠨ ᠤᠪᠤᠭ᠎ᠠ ᠰᠡᠷᠭᠦᠭᠡᠭᠰᠡᠨ  ᠤ ᠳᠠᠷᠠᠭᠠᠬᠢ ᠠᠩᠬᠠᠳᠤᠭᠠᠷ ᠤᠳᠠᠭᠠᠨ ᠤ ᠬᠣᠰᠢᠭᠤ ᠣᠪᠤᠭᠠᠨ ᠲᠠᠬᠢᠯᠭ᠎ᠠ ᠬᠦᠷ ᠬᠥᠭᠵᠢᠶᠡᠨ ᠲᠠᠢ ᠡᠬᠢᠯᠡᠭᠰᠡᠨ ᠶᠤᠮ ᠃ ᠲᠤᠰ ᠤᠳᠠᠭᠠᠨ ᠤ ᠣᠪᠤᠭᠠᠨ ᠲᠠᠬᠢᠯᠭ᠎ᠠ ᠳᠤ ᠂ ᠬᠤᠳᠠ ᠳᠤ ᠠᠵᠢᠯ ᠲᠠᠢ ᠨᠤᠲᠤᠭ  ᠤᠨ ᠠᠬᠠᠮᠠᠳᠴᠤᠳ ᠪᠠ ᠬᠣᠰᠢᠭᠤᠨ ᠤ ᠬᠡᠳᠦᠨ ᠤᠳᠤᠷᠢᠳᠬᠤ ᠪᠠᠭ  ᠤᠨ ᠤᠳᠤᠷᠢᠳᠤᠯᠭ᠎ᠠ ᠨᠠᠷ ᠢᠷᠡᠵᠦ ᠣᠷᠤᠯᠴᠠᠨ ᠵᠣᠷᠢᠭᠵᠢᠭᠤᠯᠤᠯ ᠪᠣᠯᠤᠭᠰᠠᠨ ᠪᠥᠭᠡᠳ ᠦ᠋ ᠵᠠᠨ ᠶᠤ ᠭᠡᠭᠡᠨ ᠵᠢᠴᠢ ᠲᠡᠭᠦᠨ ᠤ ᠱᠠᠪᠢ ᠨᠠᠷ ᠂ ᠭᠢᠯᠦᠪᠡᠷ ᠵᠤᠤ ᠶᠢᠨ ᠰᠦᠮ᠎ᠡ ᠶᠢᠨ ᠯᠠᠮᠠ ᠬᠤᠸᠠᠷᠠᠭ ᠤᠳ ᠂ ᠪᠦᠬᠦ ᠬᠣᠰᠢᠭᠤᠨ ᠤ ᠥᠷᠭᠡᠨ ᠤᠯᠠᠨ ᠮᠣᠩᠭᠤᠯᠴᠤᠳ ᠪᠠ ᠬᠥᠷᠰᠢ ᠬᠣᠰᠢᠭᠤ ᠨᠤᠲᠤᠭ ᠤᠨ ᠮᠣᠩᠭᠤᠯᠴᠤᠳ ᠬᠦᠷᠦᠯᠴᠡᠨ ᠢᠷᠡᠵᠦ ᠲᠠᠬᠢᠯᠭ᠎ᠠ ᠡᠷᠭᠦᠭᠰᠡᠨ ᠪᠠᠢᠨ᠎ᠠ ᠃ ᠲᠠᠬᠢᠯᠭ᠎ᠠ ᠳᠠᠭᠤᠰᠤᠭᠰᠠᠨ ᠤ ᠳᠠᠷᠠᠭ᠎ᠠ ᠂ ᠪᠠᠶᠠᠨᠨᠢᠷᠤᠭᠤ ᠪᠠᠯᠭᠠᠰᠤᠨ ᠤ ᠵᠠᠰᠠᠭ  ᠤᠨ ᠣᠷᠳᠤᠨ ᠡᠴᠡ ᠠᠭᠤᠳᠠᠮ ᠲᠡᠨᠢᠭᠡᠷ ᠠᠭᠲᠠ  ᠶᠢᠨ ᠲᠠᠯ᠎ᠠ ᠳᠤ ᠬᠣᠶᠠᠷ ᠡᠳᠦᠷ ᠤᠨ ᠨᠠᠢᠷ ᠨᠠᠭᠠᠳᠤᠮ ᠢ ᠡᠷᠬᠢᠯᠡᠨ ᠶᠠᠪᠤᠭᠤᠯᠵᠤ ᠂ ᠠᠭᠤᠯᠠ ᠤᠰᠤᠨ ᠤ ᠨᠠᠪᠳᠠᠭ ᠰᠠᠪᠳᠠᠭ ᠬᠢᠭᠡᠳ ᠮᠠᠯᠴᠢᠨ ᠲᠦᠮᠡᠨ ᠢᠶᠠᠨ ᠶᠡᠬᠡ ᠪᠠᠷ ᠪᠠᠶᠠᠰᠭᠠᠭᠰᠠᠨ ᠪᠠᠢᠨ᠎ᠠ ᠃

        ᠪᠠᠭᠠᠷᠢᠨ ᠵᠡᠭᠦᠨ ᠬᠣᠰᠢᠭᠤᠨ ᠤ ᠮᠣᠩᠭᠤᠯ ᠤᠯᠠᠮᠵᠢᠯᠠᠯᠲᠤ ᠰᠣᠶᠤᠯ ᠤᠨ ᠨᠡᠢᠭᠡᠮᠯᠢᠭ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
蒙ICP备14003075号
通信地址:巴林左旗教师进修学校蒙文部 哈那格尔 联系电话:13214869655
Copyright © www.balinedu.com All Right Reserved.内蒙古德力海信息技术有限公司技术支持