ᠵᠠᠩ ᠦᠢᠯᠡ
ᠪᠠᠭᠠᠷᠢᠨ ᠭᠠᠯ ᠲᠠᠬᠢᠯᠭ᠎ᠠ
2013.02.03 ᠲᠣᠰ ᠥᠷᠲᠡᠭᠡᠨ ᠦ ᠨᠠᠢᠷᠠᠭᠤᠯᠤᠭᠴᠢ

                            ᠪᠠᠭᠠᠷᠢᠨ ᠭᠠᠯ ᠲᠠᠬᠢᠯᠭ᠎ᠠ

    ᠪᠠᠭᠠᠷᠢᠨᠴᠤᠳ ᠭᠠᠯ ᠲᠠᠬᠢᠬᠤ ᠳᠤ ᠭᠣᠣᠯᠳᠠᠭᠤ ᠬᠤᠨᠢᠨ ᠤ ᠡᠪᠴᠢᠭᠦᠦ ᠂ ᠦᠬᠡᠷ ᠬᠤᠨᠢᠨ ᠤ ᠪᠦᠳᠦᠷᠬᠡᠢ ᠪᠠ ᠦᠬᠡᠷ  ᠤᠨ ᠱᠠᠭᠠᠨᠲᠤ ᠪᠠᠷ ᠲᠠᠬᠢᠳᠠᠭ ᠃ ᠭᠠᠯ ᠲᠠᠬᠢᠬᠤ ᠪᠡᠯᠡᠳᠭᠡᠯ ᠢ ᠡᠪᠦᠯ ᠤᠨ ᠢᠳᠡᠰᠢᠨ ᠤ ᠦᠶ᠎ᠡ ᠡᠴᠡ ᠡᠬᠢᠯᠡᠵᠦ ᠪᠡᠯᠡᠳᠭᠡᠳᠡᠭ ᠃ ᠡᠪᠦᠯ ᠤᠨ ᠢᠳᠡᠰᠢᠨ ᠳᠤ ᠠᠯᠠᠵᠤ ᠢᠳᠡᠭᠰᠡᠨ ᠬᠤᠨᠢᠨ ᠤ ᠪᠠᠨ ᠬᠠᠮᠤᠭ ᠲᠣᠷᠭᠠᠨ ᠡᠪᠴᠢᠭᠦᠦ ᠶᠢ ᠰᠣᠩᠭᠤᠵᠤ ᠂ ᠡᠪᠴᠢᠭᠦᠨ ᠤ ᠴᠣᠷᠤᠢ ᠳᠤ ᠪᠣᠷᠳᠤᠭᠰᠠᠨ ᠬᠣᠰ ᠢ ᠴᠠᠭᠠᠷᠢᠭᠯᠠᠭᠤᠯᠤᠨ ᠡᠪᠬᠡᠨ ᠬᠢᠵᠦ ᠂ ᠡᠪᠴᠢᠭᠦᠨ ᠬᠣᠷᠮᠤᠢ ᠪᠠᠷ ᠡᠪᠬᠡᠨ ᠬᠦᠯᠳᠡᠭᠡᠵᠤ ᠬᠠᠳᠠᠭᠠᠯᠠᠳᠠᠭ ᠃

    ᠵᠢᠯ ᠪᠦᠷᠢ ᠶᠢᠨ ᠯᠠ ᠰᠠᠷ᠎ᠠ ᠶᠢᠨ ᠬᠣᠷᠢᠨ ᠭᠤᠷᠪᠠᠨ ᠪᠣᠯᠬᠤ ᠳᠤ ᠡᠷᠦᠬᠡ ᠪᠦᠬᠦᠨ ᠭᠡᠷ ᠤᠨ ᠤᠲᠤᠭ᠎ᠠ ᠲᠣᠭᠤᠰᠤ  ᠪᠠᠨ ᠭᠦᠪᠢᠵᠤ ᠂ ᠬᠥᠰᠢᠶ᠎ᠡ ᠬᠠᠰᠢᠶ᠎ᠠ ᠪᠠᠨ ᠴᠡᠪᠡᠷᠯᠡᠨ ᠂ ᠶᠠᠭᠤᠮ᠎ᠠ ᠬᠦᠮ᠎ᠡ ᠪᠠᠨ ᠲᠢᠭ᠍ᠯᠢᠨ ᠂ ᠦᠳᠡ ᠶᠢᠨ ᠦᠶ᠎ᠡ ᠪᠠᠷ ᠭᠠᠯ ᠲᠠᠬᠢᠬᠤ ᠡᠪᠴᠢᠭᠦᠦ ᠪᠠᠨ ᠴᠢᠨᠠᠵᠤ ᠂ ᠲᠦᠭᠦᠬᠡᠢ ᠴᠠᠢᠯᠭᠠᠭᠰᠠᠨ ᠮᠣᠩᠭᠤᠯ ᠠᠮᠤ ᠪᠤᠶᠤ ᠰᠢᠯᠦᠬᠡᠢ ᠪᠠᠷ ᠭᠠᠯ ᠤᠨ ᠠᠮᠤᠰᠤ ᠬᠡᠮᠡᠨ ᠪᠤᠳᠠᠭ᠎ᠠ ᠠᠭᠰᠢᠭᠠᠨ᠎ᠠ ᠃ ᠲᠡᠭᠡᠭᠡᠳ ᠮᠠᠯ ᠰᠦᠷᠦᠭ ᠪᠡᠯᠴᠢᠭᠡᠷ ᠡᠴᠡ ᠪᠠᠨ ᠡᠷᠭᠢᠵᠦ ᠂ ᠬᠤᠳᠠ ᠵᠦᠭ ᠪᠠᠨ ᠪᠤᠴᠠᠬᠤ ᠳᠤ ᠭᠠᠯ ᠤᠨ ᠲᠠᠬᠢᠯᠭ᠎ᠠ  ᠪᠠᠨ ᠡᠬᠢᠯᠡᠳᠡᠭ ᠃

    ᠡᠪᠴᠢᠭᠦᠦ ᠪᠠᠷ ᠭᠠᠯ ᠲᠠᠬᠢᠬᠤ ᠳᠤ ᠂ ᠶᠠᠭᠤᠨ ᠤ ᠤᠷᠢᠳ ᠭᠠᠯ ᠲᠠᠬᠢᠬᠤ ᠡᠪᠴᠢᠭᠦᠨ ᠤ ᠰᠦᠪᠡᠷᠭᠡᠰᠦ ᠶᠢ ᠭᠡᠮᠳᠦᠭᠡᠯ ᠦᠭᠡᠢ ᠪᠠᠷ ᠮᠢᠬ᠎ᠠ ᠶᠢ ᠨᠢ ᠬᠢᠲᠤᠭ᠎ᠠ ᠪᠠᠷ ᠨᠠᠷᠢᠯᠢᠭ ᠰᠠᠢᠬᠠᠨ ᠰᠡᠢᠯᠵᠦ ᠂ ᠡᠪᠲᠡᠢ ᠰᠡᠢᠴᠢᠨ ᠂ ᠡᠪᠴᠢᠭᠦᠨ ᠤ ᠭᠣᠣᠯ ᠶᠠᠰᠤ ᠂ ᠪᠦᠳᠦᠷᠬᠡᠢ ᠂ ᠥᠨᠳᠦᠷ ᠬᠣᠶᠠᠷ ᠰᠦᠪᠡᠷᠭᠡᠰᠦ ᠂ ᠠᠷᠪᠠᠨ ᠬᠣᠶᠠᠷ ᠬᠤᠷᠤᠭᠤ ᠶᠢ ᠲᠣᠳᠤᠷᠬᠠᠢ ᠪᠣᠯᠭᠠᠵᠤ ᠂ ᠰᠡᠲᠡᠷ ᠵᠡᠭᠦᠯᠭᠡᠵᠤ ᠣᠩᠭᠤᠯᠠᠭᠰᠠᠨ ᠭᠠᠯ ᠤᠨ ᠣᠩᠭᠤᠨ ︱ ︱ ᠲᠡᠮᠳᠡᠭ ᠦᠭᠡᠢ ᠴᠠᠭᠠᠨ ᠠᠮᠢᠳᠤ ᠬᠤᠨᠢᠨ ᠨᠣᠣᠰᠤ ᠪᠠᠷ ᠡᠭᠡᠷᠡᠭᠰᠡᠨ ᠤᠲᠠᠰᠤ ᠪᠠᠷ ᠰᠡᠢᠯᠦᠭᠰᠡᠨ ᠡᠪᠴᠢᠭᠦᠨ ᠤ ᠪᠠᠨ ᠪᠦᠳᠦᠷᠬᠡᠢ ᠡᠴᠡ ᠡᠬᠢᠯᠡᠨ ᠨᠠᠷᠠ ᠵᠦᠪ ᠪᠠᠷ ᠨᠢᠭᠡ ᠬᠤᠷᠤᠭᠤ ᠠᠯᠤᠰᠯᠠᠭᠠᠳ ᠨᠢᠭᠡ ᠣᠷᠢᠶᠠᠵᠤ ᠂ ᠂ ᠶᠢᠰᠦ ᠶᠢᠰᠦ ᠨᠠᠶᠠᠨ ᠨᠢᠭᠡ ᠶᠢᠨ ᠵᠠᠩ ᠪᠡᠯᠭᠡ ᠶᠢ ᠭᠦᠢᠴᠡᠳᠭᠡᠭᠡᠳ ᠂ ᠶᠢᠰᠦᠨ ᠪᠦᠬᠦᠯᠢ ᠬᠦᠵᠢ ᠶᠢ ᠡᠪᠴᠢᠭᠦᠨ ᠤ ᠴᠣᠷᠤᠢ ᠳᠣᠲᠤᠷ᠎ᠠ ᠤᠷᠳᠤ ᠶᠢ ᠨᠢ ᠳᠠᠭᠠᠭᠤᠯᠤᠨ ᠬᠢᠵᠦ ᠂ ᠬᠦᠵᠢᠨ ᠳᠡᠭᠡᠷ᠎ᠡ ᠨᠢ ᠠᠷᠴᠠ ᠽᠠᠨᠳᠠᠨ ᠵᠡᠷᠭᠡ ᠠᠷᠢᠭᠤᠨ ᠦᠨᠦᠷᠲᠡᠨ ᠢ ᠬᠢᠭᠡᠳ ᠳᠡᠭᠡᠷ᠎ᠡ ᠡᠴᠡ ᠨᠢ ᠭᠠᠯ ᠤᠨ ᠣᠩᠭᠤᠨ ᠬᠤᠨᠢᠨ ᠤ ᠨᠣᠣᠰᠤ ᠪᠠᠷ ᠪᠥᠮᠪᠦᠭᠡᠯᠡᠭᠰᠡᠨ ᠶᠢᠰᠦᠨ ᠨᠣᠣᠰᠤᠨ ᠪᠥᠮᠪᠦᠭᠡ ᠪᠠᠷ ᠳᠠᠷᠤᠵᠤ ᠂ ᠳᠡᠭᠡᠭᠦᠷ ᠨᠢ ᠰᠠᠮᠠᠵᠢᠨ ᠥᠭᠡᠬᠦ ᠪᠠᠷ ᠪᠦᠷᠢᠭᠡᠳ ᠂ ᠭᠠᠯ ᠤᠨ ᠣᠩᠭᠤᠨ ᠬᠤᠨᠢᠨ ᠤ ᠨᠣᠣᠰᠤ ᠶᠢ ᠬᠥᠯᠲᠦ ᠴᠠᠷ᠎ᠠ ᠶᠢᠨ ᠳᠣᠲᠤᠷ᠎ᠠ ᠵᠤᠯᠤᠭᠠᠳ ᠳᠡᠭᠡᠷ᠎ᠡ ᠨᠢ ᠲᠠᠬᠢᠯᠭ᠎ᠠ ᠳᠤ ᠵᠠᠰᠠᠭᠰᠠᠨ ᠡᠪᠴᠢᠭᠦᠦ ᠪᠠᠨ ᠭᠡᠷᠰᠡᠭ ᠤᠨ ᠲᠠᠯ᠎ᠠ ᠶᠢ ᠨᠢ ᠨᠣᠣᠰᠤᠨ ᠳᠡᠭᠡᠷ᠎ᠡ ᠂ ᠴᠣᠷᠤᠢ ᠲᠠᠯ᠎ᠠ ᠶᠢ ᠨᠢ ᠳᠡᠭᠡᠭᠰᠢ ᠬᠠᠨᠳᠤᠭᠤᠯᠤᠨ ᠲᠠᠯᠪᠢᠨ᠎ᠠ ᠃

   

    ᠢᠩᠭᠢᠭᠰᠡᠨ ᠤ ᠳᠠᠷᠠᠭ᠎ᠠ ᠂ ᠭᠠᠯ ᠤᠨ ᠳ᠋ᠤᠷᠮᠤᠰᠤ ᠭᠡᠵᠦ ᠂ ᠨᠢᠭᠡ ᠬᠦᠵᠢ ᠪᠠᠷ ᠭᠣᠣᠯ ᠪᠣᠯᠭᠠᠵᠤ ᠂ ᠰᠢᠷ᠎ᠠ ᠂ ᠤᠯᠠᠭᠠᠨ ᠂ ᠬᠥᠬᠡ ᠭᠤᠷᠪᠠᠨ ᠥᠩᠭᠡ ᠶᠢᠨ ᠪᠦᠰ ᠢ ᠭᠠᠯ ᠤᠨ ᠣᠩᠭᠤᠨ ᠬᠤᠨᠢᠨ ᠤ ᠨᠣᠣᠰᠤ  ᠪᠠᠷ ᠡᠭᠡᠷᠡᠭᠰᠡᠨ ᠤᠲᠠᠰᠤ ᠪᠠᠷ ᠣᠷᠢᠶᠠᠨ᠎ᠠ ᠃ ᠡᠢᠮᠦ ᠭᠠᠯ ᠤᠨ ᠳ᠋ᠤᠷᠮᠤᠰᠤ ᠶᠢ ᠳᠥᠷᠪᠡ ᠬᠢᠵᠦ ᠂ ᠲᠤᠯᠭᠠᠨ ᠳᠥᠷᠪᠡᠨ ᠤᠴᠤᠭ ᠲᠤ ᠨᠢᠭᠡ ᠨᠢᠭᠡ ᠶᠢ ᠤᠶᠠᠵᠤ ᠲᠠᠯᠪᠢᠨ᠎ᠠ ᠃ ᠲᠡᠭᠦᠨ ᠤ ᠳᠠᠷᠠᠭ᠎ᠠ ᠴᠠᠪᠠ  ᠦᠭᠡᠢ ᠴᠡᠪᠡᠷ ᠳᠥᠷᠪᠡᠨ ᠠᠶᠠᠭᠠᠨ ᠳᠤ ᠭᠠᠯ ᠤᠨ ᠠᠮᠤᠰᠤ ᠪᠠᠨ ᠤᠪᠤᠭᠠᠯᠠᠳᠠᠯ᠎ᠠ ᠠᠶᠠᠭᠠᠯᠠᠵᠤ ᠂ ᠳᠥᠷᠪᠡᠨ ᠤᠴᠤᠭ ᠤᠨ ᠭᠠᠳᠠᠨ᠎ᠠ ᠲᠠᠯ᠎ᠠ ᠳᠤ ᠮᠥᠨ ᠯᠡ ᠭᠠᠯ ᠤᠨ ᠣᠩᠭᠤᠨ ᠬᠤᠨᠢᠨ ᠤ ᠨᠣᠣᠰᠤ ᠶᠢ ᠳᠡᠪᠢᠰᠴᠦ ᠂ ᠳᠡᠭᠡᠷ᠎ᠡ ᠨᠢ ᠠᠶᠠᠭ᠎ᠠ ᠪᠠᠨ ᠲᠠᠯᠪᠢᠵᠤ ᠂ ᠪᠤᠳᠠᠭᠠᠨ ᠤ ᠪᠠᠨ ᠲᠥᠪ ᠳᠤᠮᠳᠠ ᠨᠢ ᠭᠠᠯ ᠲᠦᠯᠡᠬᠦ ᠮᠠᠢᠯᠠᠰᠤᠨ ᠮᠣᠳᠤ ᠪᠠᠷ ᠵᠣᠷᠭᠤᠵᠤ ᠬᠢᠭᠰᠡᠨ ᠬᠠᠯᠪᠠᠭ᠎ᠠ ᠪᠠᠷ ᠴᠦᠬᠦᠴᠡ ᠰᠢᠭ ᠬᠣᠲᠤᠢᠯᠭᠠᠵᠤ ᠂ ᠴᠡᠪᠡᠷ ᠠᠷᠢᠭᠤᠨ ᠭᠠᠵᠠᠷ ᠤᠷᠭᠤᠭᠰᠠᠨ ᠥᠯᠦᠩ ᠴᠠᠭᠠᠨ ᠡᠪᠡᠰᠦᠨ ᠡᠪᠡᠰᠦᠨ ᠤ ᠨᠠᠮᠠᠭ᠎ᠠ ᠪᠠᠷ ᠭᠣᠣᠯ ᠪᠣᠯᠭᠠᠨ ᠬᠥᠪᠦᠩ ᠢᠶᠠᠷ ᠣᠷᠢᠶᠠᠭᠰᠠᠨ ᠬᠣᠶᠠᠷ ᠦᠵᠦᠭᠦᠷ ᠲᠡᠰᠢ ᠪᠠᠨ ᠱᠣᠪᠤᠭᠤᠷ ᠵᠤᠯᠠ ᠶᠢᠨ ᠭᠣᠣᠯ ᠢ ᠠᠶᠠᠭ᠎ᠠ ᠲᠠᠢ ᠭᠠᠯ ᠤᠨ ᠠᠮᠤᠰᠤᠨ ᠤ ᠬᠤᠳᠤᠢᠯᠭᠠᠭᠰᠠᠨ ᠬᠣᠲᠤᠭᠤᠷ ᠳᠣᠲᠤᠷ᠎ᠠ ᠰᠠᠭᠤᠯᠭᠠᠵᠤ ᠂ ᠳᠡᠭᠡᠷ᠎ᠡ  ᠡᠴᠡ ᠨᠢ ᠭᠦᠰᠸ ( ᠴᠦᠬᠦᠴᠡ ᠳᠤ ᠲᠣᠰᠤ ᠬᠢᠬᠦ ᠪᠠᠷ ᠲᠤᠰᠭᠠᠢ ᠪᠡᠯᠡᠳᠭᠡᠭᠰᠡᠨ ᠮᠥᠩᠭᠦ ᠂ ᠭᠠᠤᠯᠢ ᠪᠠᠷ ᠬᠢᠭᠰᠡᠨ ᠲᠡᠪᠦᠷ᠎ᠡ ) ᠪᠠᠷ ᠰᠢᠷ᠎ᠠ ᠲᠣᠰᠤ ᠴᠢᠳᠭᠤᠵᠤ ᠂ ᠵᠤᠯᠠ ᠪᠣᠯᠭᠠᠨ ᠠᠰᠠᠭᠠᠬᠤ ᠳᠤ ᠪᠡᠯᠡᠳᠭᠡᠨ᠎ᠡ ᠃

    ᠪᠠᠰᠠ ᠲᠠᠯᠠᠯᠭ᠎ᠠ ᠶᠢᠨ ᠮᠣᠳᠤᠨ ᠰᠠᠭᠤᠯᠭ᠎ᠠ ᠳᠠᠭᠠᠨ ᠭᠠᠯ ᠤᠨ ᠠᠮᠤᠰᠤ ᠡᠪᠴᠢᠭᠦᠨ ᠡᠴᠡ ᠰᠡᠢᠯᠵᠦ ᠠᠪᠤᠭᠰᠠᠨ ᠮᠢᠬ᠎ᠠ ᠂ ᠪᠣᠷᠳᠤᠭᠰᠠᠨ ᠬᠣᠰ ᠂ ᠰᠢᠷ᠎ᠠ ᠲᠣᠰᠤ ᠂ ᠬᠤᠷᠤᠳ ᠂ ᠰᠢᠬᠢᠷ ᠪᠤᠷᠠᠮ ᠬᠢᠭᠡᠳ ᠮᠥᠩᠭᠦᠨ ᠵᠣᠭᠤᠰ ᠬᠢᠨ᠎ᠡ ᠃ ᠳᠠᠯᠠᠯᠭᠠᠨ ᠰᠠᠭᠤᠯᠠᠭ᠎ᠠ ᠬᠢᠭᠡᠳ ᠳᠠᠯᠠᠯᠭᠠᠨ ᠰᠤᠮᠤ ᠪᠣᠯ ᠪᠠᠭᠠᠷᠢᠨᠴᠤᠳ ᠤᠨ ᠬᠠᠮᠤᠭ ᠡᠴᠡ ᠡᠷᠬᠢᠮᠯᠡᠳᠡᠭ ᠬᠡᠰᠢᠭ ᠪᠤᠶᠠᠨ ᠤ ᠬᠤᠷᠤᠢᠯᠠᠯᠳᠠ ᠪᠣᠯᠬᠤ ᠲᠤᠯᠠ ᠲᠠᠯᠠᠯᠭ᠎ᠠ ᠶᠢᠨ ᠬᠡᠤᠲᠠᠢ ᠳᠡᠭᠡᠨ ᠡᠭᠦᠷᠢᠳᠡ ᠱᠢᠷᠦ ᠰᠤᠪᠤᠳ ᠂ ᠲᠤᠩ ᠯᠠᠪᠠᠢ ᠂ ᠲᠠᠨ᠎ᠠ ᠮᠠᠨᠤ ᠬᠢᠭᠡᠳ ᠤᠳᠠᠭᠠᠨ ᠤᠨ  ᠤ ᠲᠤᠷᠰᠢ ᠵᠢᠯ ᠵᠢᠯ ᠣᠩᠭᠤᠯᠠᠵᠤ ᠢᠷᠡᠭᠰᠡᠨ ᠡᠩᠬᠦᠷᠡᠢ ᠣᠩᠭᠤᠨ ᠬᠤᠨᠢᠨ ᠤ ᠦᠰᠦ ᠵᠡᠷᠭᠡ ᠶᠢ ᠬᠢᠵᠦ ᠂ ᠲᠠᠯᠠᠯᠭ᠎ᠠ ᠶᠢᠨ ᠰᠤᠮᠤ  ᠪᠠᠨ ᠬᠥᠬᠡ ᠂ ᠴᠠᠭᠠᠨ ᠂ ᠤᠯᠠᠭᠠᠨ ᠂ ᠰᠢᠷ᠎ᠠ ᠂ ᠨᠣᠭᠤᠭᠠᠨ ᠥᠩᠭᠡ ᠶᠢᠨ ᠴᠢᠮᠡᠭ ᠵᠠᠩᠭᠢᠶ᠎ᠠ ᠪᠠᠷ ᠴᠢᠮᠡᠭᠯᠡᠵᠦ ᠂ ᠮᠠᠰᠢᠳᠠ ᠨᠠᠨᠳᠢᠩᠨᠠᠳᠠᠭ ᠃ ᠳᠠᠯᠠᠯᠭᠠᠨ ᠰᠤᠮᠤ ᠪᠣᠯ ᠦᠵᠦᠭᠦᠷ ᠲᠡᠭᠡᠨ ᠬᠦᠷᠡᠯ ᠵᠡᠪᠡ ᠲᠠᠢ ᠂ ᠡᠰᠢ ᠲᠠᠯ᠎ᠠ ᠳᠠᠭᠠᠨ ᠡᠪᠡᠷ ᠢᠶᠠᠷ ᠤᠷᠠᠯᠠᠭᠰᠠᠨ ᠨᠠᠶᠮᠠᠨ ᠰᠡᠷᠪᠡᠭᠡ  ᠲᠠᠢ ᠳ᠋ᠧᠦ ᠬᠡᠯᠪᠡᠷᠢ ᠶᠢᠨ ᠳᠥᠷᠪᠡᠯᠵᠢᠨ ᠲᠣᠯᠤᠭᠠᠢ ᠲᠠᠢ ᠃ ᠡᠭᠦᠨ ᠢᠶᠠᠨ ᠲᠡᠭᠷᠢ ᠶᠢᠨ ᠳ᠋ᠧᠦ ᠭᠡᠬᠦ ᠪᠤᠶᠤ ᠭᠠᠯ ᠤᠨ ᠳ᠋ᠧᠦ ᠬᠡᠮᠡᠵᠤ ᠂ ᠳ᠋ᠧᠦ ᠶᠢᠨ ᠪᠣᠭᠤᠮ᠎ᠠ ᠪᠠᠷ ᠬᠡᠳᠦᠨ ᠥᠩᠭᠡ ᠶᠢᠨ ᠬᠠᠳᠠᠭ ᠂ ᠰᠢᠷ᠎ᠠ ᠥᠩᠭᠡ  ᠶᠢᠨ ᠭᠬᠢᠪ ᠤᠶᠠᠵᠤ ᠂ ᠬᠦᠷᠡᠯ ᠵᠡᠪᠡ ᠲᠠᠢ ᠦᠵᠦᠭᠦᠷ ᠲᠠᠯ᠎ᠠ ᠶᠢ ᠨᠢ ᠳᠠᠯᠠᠯᠭᠠᠨ ᠰᠠᠭᠤᠯᠭ᠎ᠠ ᠳᠡᠬᠢ ᠮᠣᠩᠭᠤᠯ ᠬᠠᠷ᠎ᠠ ᠪᠤᠳᠠᠭᠠᠨ ᠳᠤ ᠰᠢᠭᠠᠵᠤ ᠂ ᠰᠤᠮᠤᠨ ᠳᠠᠭᠠᠨ ᠲᠠᠯᠠᠯᠭ᠎ᠠ ᠶᠢᠨ ᠬᠡᠤᠲᠠᠢ  ᠪᠠᠨ ᠡᠯᠭᠦᠵᠦ ᠬᠠᠳᠠᠭᠠᠯᠠᠳᠠᠭ ᠃

    ᠲᠠᠬᠢᠯᠭ᠎ᠠ ᠡᠬᠢᠯᠡᠬᠦ ᠪᠣᠯᠤᠮᠠᠭᠴᠠ ᠬᠡᠦᠬᠡᠳ ᠭᠠᠳᠠᠨ᠎ᠠ ᠭᠠᠷᠴᠤ ᠫᠤᠤᠵᠢᠩ ᠲᠠᠯᠪᠢᠭᠰᠠᠨ ᠤ ᠳᠠᠷᠠᠭ᠎ᠠ ᠂ ᠭᠡᠷ ᠤᠨ ᠡᠵᠡᠨ ᠲᠡᠷᠢᠭᠦᠯᠡᠨ ᠬᠡᠲᠡ ᠬᠢᠲᠤᠭ᠎ᠠ ᠵᠡᠭᠦᠵᠦ ᠂ ᠲᠥᠷᠦ ᠶᠣᠰᠤᠨ ᠤ ᠳᠡᠪᠡᠯ ᠮᠠᠯᠠᠭᠠᠢ ᠪᠠᠨ ᠲᠡᠷᠢ ᠲᠡᠭᠰᠢ ᠡᠮᠦᠰᠴᠢᠬᠡᠨ᠎ᠡ ᠃ ᠭᠡᠷ ᠤᠨ ᠡᠵᠡᠨ ᠪᠡᠯᠡᠳᠭᠡᠵᠤ ᠲᠠᠯᠪᠢᠭᠰᠠᠨ ᠲᠤᠯᠭᠠᠨ ᠳᠡᠬᠢ ᠨᠠᠷᠠᠰᠤ ᠂ ᠮᠠᠢᠯᠠᠰᠤ ᠂ ᠠᠷᠴᠠ ᠽᠠᠨᠳᠠᠨ ᠮᠣᠳᠤᠨ ᠢ ᠬᠡᠵᠢᠶᠡᠳᠡ ᠤᠨᠲᠠᠷᠠᠰᠢ  ᠦᠭᠡᠢ ᠮᠥᠩᠬᠡ ᠮᠠᠨᠠᠭᠰᠠᠨ ᠭᠠᠯ ᠤᠨ ᠴᠤᠭ ᠢᠶᠠᠷ ᠬᠦᠭᠵᠢᠭᠡᠵᠤ ᠂ ᠲᠤᠯᠭᠠᠨ ᠳᠥᠷᠪᠡᠨ ᠣᠴᠤᠭ ᠲᠤ ᠡᠯᠭᠦᠭᠰᠡᠨ ᠭᠠᠯ ᠤᠨ ᠳ᠋ᠤᠷᠮᠤᠰᠤ ᠪᠠᠨ ᠨᠣᠴᠤᠭᠠᠵᠤ ᠂ ᠠᠶᠠᠭ᠎ᠠ ᠲᠠᠢ ᠵᠤᠯᠠ ᠪᠠᠨ ᠠᠰᠠᠭᠠᠨ᠎ᠠ ᠃ ᠳᠥᠷᠪᠡᠨ ᠬᠥᠪᠡᠭᠦᠨ ᠲᠠᠢ ᠪᠣᠯ ᠬᠥᠪᠡᠭᠦᠳ ᠨᠢ ᠳᠥᠷᠪᠡᠨ ᠣᠴᠤᠭ ᠤᠨ ᠳᠡᠷᠭᠡᠳᠡ ᠵᠣᠭᠰᠤᠵᠤ ᠂ ᠭᠠᠭᠴᠠ ᠬᠦᠦ ᠲᠠᠢ ᠪᠣᠯ ᠬᠦᠦ ᠨᠢ ᠪᠠᠷᠠᠭᠤᠨ ᠡᠮᠦᠨ᠎ᠡ ᠣᠴᠤᠭ ᠤᠨ ᠳᠡᠷᠭᠡᠳᠡ ᠵᠣᠭᠰᠤᠨ᠎ᠠ ᠃ ᠭᠡᠷ ᠤᠨ ᠡᠵᠡᠨ ᠡᠬᠡᠨᠡᠷ ᠰᠢᠨᠠᠭᠠᠨ ᠳᠤ ᠰᠢᠷ᠎ᠠ ᠲᠣᠰᠤ ᠠᠷᠢᠬᠢ  ᠲᠠᠢ ᠬᠢᠵᠦ ᠪᠠᠷᠢᠭᠠᠳ ᠂ ᠵᠡᠭᠦᠨ ᠡᠮᠦᠨ᠎ᠡ ᠣᠴᠤᠭ ᠤᠨ ᠳᠡᠷᠭᠡᠳᠡ ᠵᠣᠭᠰᠤᠨ᠎ᠠ ᠃ ᠢᠩᠭᠢᠭᠡᠳ ᠭᠡᠷ ᠤᠨ ᠡᠵᠡᠨ ᠲᠡᠷᠢᠭᠦᠯᠡᠨ ᠭᠡᠷ ᠬᠣᠲᠠᠯᠠᠭᠠᠷ ᠤᠨ ᠪᠤᠰᠤᠳ ᠬᠥᠮᠦᠰ ᠮᠠᠯᠠᠭᠠᠢ ᠲᠡᠷᠢ ᠲᠡᠭᠰᠢ ᠪᠠᠷ ᠭᠠᠯ  ᠤᠨ ᠡᠮᠦᠨ᠎ᠡ ᠰᠥᠭᠦᠳᠦᠨ᠎ᠡ ᠃ ᠭᠡᠷ ᠤᠨ ᠡᠵᠡᠨ ᠭᠠᠯ ᠳᠠᠭᠠᠨ ᠠᠷᠢᠬᠢ ᠲᠣᠰᠤ ᠴᠢᠳᠭᠤᠵᠤ ᠂ ᠳ᠋ᠤᠷᠮᠤᠰᠤ ᠪᠠᠨ ᠨᠣᠴᠤᠭᠠᠭᠰᠠᠨ ᠤ ᠳᠠᠷᠠᠭ᠎ᠠ ᠂ ᠡᠪᠴᠢᠭᠦᠦ ᠪᠠᠨ ᠨᠣᠣᠰᠤ ᠲᠠᠢ ᠨᠢ ᠭᠠᠯ ᠳᠤ ᠡᠷᠭᠦᠨ᠎ᠡ ᠃ ᠵᠤᠯᠠ ᠪᠠᠨ ᠭᠠᠯ ᠤᠨ ᠠᠮᠤᠰᠤ ᠲᠠᠢ ᠪᠠᠨ ᠬᠠᠯᠪᠠᠭᠠᠯᠠᠨ ᠭᠠᠯ  ᠳᠤ ᠡᠷᠭᠦᠵᠦ ᠪᠠᠷᠠᠭᠰᠠᠨ ᠤ ᠳᠠᠷᠠᠭ᠎ᠠ ᠂ ᠬᠠᠯᠪᠠᠭ᠎ᠠ ᠪᠠᠨ ᠮᠥᠨ ᠭᠠᠯ ᠳᠤ ᠡᠷᠭᠦᠨ᠎ᠡ ᠃ ᠵᠡᠭᠦᠨ ᠡᠮᠦᠨ᠎ᠡ ᠣᠴᠤᠭ ᠤᠨ ᠳᠡᠷᠭᠡᠳᠡ ᠵᠣᠭᠰᠤᠭᠰᠠᠨ ᠡᠬᠡᠨᠡᠷ ᠵᠡᠭᠦᠨ ᠡᠮᠦᠨ᠎ᠡ ᠣᠴᠤᠭ ᠡᠴᠡ ᠡᠬᠢᠯᠡᠵᠦ ᠰᠢᠨᠠᠭ᠎ᠠ ᠲᠠᠢ ᠠᠷᠢᠬᠢ ᠲᠣᠰᠤ ᠪᠠᠨ ᠭᠠᠯ ᠤᠨ ᠳ᠋ᠤᠷᠮᠤᠰᠤ ᠤᠷᠤᠭᠤ ᠨᠠᠷᠠ ᠵᠦᠪ ᠡᠷᠭᠢᠵᠦ ᠴᠢᠳᠭᠤᠨ᠎ᠠ ᠃ ᠡᠪᠴᠢᠭᠦᠦ ᠡᠷᠭᠦᠬᠦ ᠪᠠ ᠭᠠᠯ ᠤᠨ ᠠᠮᠤᠰᠤ ᠡᠷᠭᠦᠬᠦ ᠂ ᠵᠤᠯᠠ ᠡᠷᠭᠦᠬᠦ ᠂ ᠳ᠋ᠤᠷᠮᠤᠰᠤ ᠤᠷᠤᠭᠤ ᠠᠷᠢᠬᠢ ᠲᠣᠰᠤ ᠴᠢᠳᠭᠤᠬᠤ ᠶᠠᠪᠤᠳᠠᠯ ᠵᠡᠷᠭᠡ ᠪᠠᠷ ᠶᠠᠪᠤᠭᠳᠠᠨ᠎ᠠ ᠃

    ᠲᠠᠬᠢᠯᠭ᠎ᠠ ᠡᠨᠳᠡ ᠬᠦᠷᠬᠦ ᠳᠤ ᠂ ᠠᠪᠴᠢᠷᠠᠭᠠᠳ ᠪᠠᠢᠭᠰᠠᠨ ᠭᠠᠯ ᠤᠨ ᠣᠩᠭᠤᠨ ᠬᠣᠨᠢ ᠪᠠᠨ ᠲᠠᠪᠤᠨ ᠥᠩᠭᠡ  ᠶᠢᠨ ᠪᠦᠰ ᠢᠶᠠᠷ ᠬᠡᠯᠡ ᠭᠠᠷᠭᠠᠵᠤ ᠂ ᠥᠪᠡᠷ ᠤᠨ ᠬᠢᠨᠢ ᠨᠣᠣᠰᠤ ᠪᠠᠷ ᠰᠦᠪᠡᠭᠴᠢ ᠪᠣᠯᠭᠠᠭᠰᠠᠨ ᠬᠦᠵᠦᠭᠦᠪᠴᠢ ᠲᠠᠢ ᠰᠢᠨ᠎ᠡ ᠰᠡᠲᠡᠷ ᠨᠡᠮᠡᠵᠦ ᠵᠡᠭᠦᠯᠭᠡᠭᠡᠳ ᠭᠠᠯ ᠳᠤ ᠮᠦᠷᠭᠦᠭᠦᠯᠦᠨ᠎ᠡ ᠃ ᠲᠡᠭᠡᠭᠡᠳ ᠵᠣᠭᠳᠤᠷ ᠂ ᠰᠠᠬᠠᠯ  ᠡᠴᠡ ᠨᠢ ᠦᠭᠳᠦᠭᠡᠨ ᠠᠪᠴᠤ ᠠᠮᠠ ᠶᠢ ᠢ ᠵᠦᠯᠭᠦᠵᠤ ᠂ ᠬᠠᠭᠠᠰ ᠢ  ᠨᠢ ᠭᠠᠯ ᠳᠠᠭᠠᠨ ᠡᠷᠭᠦᠵᠦ ᠂ ᠬᠠᠭᠠᠰ ᠢ ᠨᠢ ᠳᠠᠯᠠᠯᠭᠠᠨ ᠤ ᠬᠡᠤᠲᠠᠢ ᠳᠡᠭᠡᠨ ᠬᠢᠵᠦ ᠬᠠᠳᠠᠭᠠᠯᠠᠨ᠎ᠠ ᠃ ᠡᠭᠦᠨ  ᠤ ᠳᠠᠷᠠᠭ᠎ᠠ ᠲᠠᠯᠠᠯᠭ᠎ᠠ ᠡᠬᠢᠯᠡᠨ᠎ᠡ ᠃

    ᠲᠠᠯᠠᠯᠭ᠎ᠠ ᠠᠪᠬᠤ ᠳᠤ ᠂ ᠭᠡᠷ ᠤᠨ ᠡᠵᠡᠨ ᠲᠠᠯᠠᠯᠭ᠎ᠠ ᠶᠢᠨ ᠰᠠᠭᠤᠯᠭ᠎ᠠ ᠪᠠᠨ ᠡᠷᠭᠦᠵᠦ ᠪᠠᠷᠢᠬᠤ ᠳᠤ ᠣᠴᠤᠭ ᠲᠠᠭᠠᠭᠰᠠᠨ ᠬᠦᠦ ᠨᠢ ᠠᠶᠠᠭ᠎ᠠ ᠲᠠᠢ ᠭᠠᠯ ᠤᠨ ᠠᠮᠤᠰᠤ ᠪᠠᠨ ᠠᠪᠤᠨ ᠨᠠᠷᠠ ᠵᠦᠪ ᠢᠶᠠᠷ ᠡᠷᠭᠢᠬᠦᠯᠵᠤ ᠭᠠᠯ ᠤᠨ ᠬᠡᠰᠢᠭ ᠢ ᠳᠠᠯᠠᠯᠤᠨ᠎ᠠ ᠃

          《 ᠪᠠᠭᠠᠷᠢᠨ ᠤ ᠵᠠᠩ ᠦᠢᠯᠡ 》 ᠡᠴᠡ ᠰᠡᠢᠷᠡᠭᠦᠯᠪᠡ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
蒙ICP备14003075号
通信地址:巴林左旗教师进修学校蒙文部 哈那格尔 联系电话:13214869655
Copyright © www.balinedu.com All Right Reserved.内蒙古德力海信息技术有限公司技术支持