ᠵᠠᠩ ᠦᠢᠯᠡ
ᠪᠠᠭᠠᠷᠢᠨᠴᠤᠳ ᠤᠨ ᠪᠢᠳᠡᠭᠦᠯᠡᠬᠦ
2013.02.09 ᠲᠣᠰ ᠥᠷᠲᠡᠭᠡᠨ ᠦ ᠨᠠᠢᠷᠠᠭᠤᠯᠤᠭᠴᠢ

     ᠪᠠᠭᠠᠷᠢᠨᠴᠤᠳ ᠤᠨ ᠪᠢᠲᠡᠭᠦᠯᠡᠬᠦ

    ᠯᠠ ᠰᠠᠷ᠎ᠠ ᠶᠢᠨ ᠬᠣᠷᠢᠨ ᠭᠤᠷᠪᠠᠨ ᠳᠤ ᠭᠠᠯ ᠲᠠᠬᠢᠬᠤ ᠲᠡᠷᠡ ᠡᠳᠦᠷ ᠡᠴᠡ ᠰᠢᠨᠡᠯᠡᠬᠦ ᠪᠣᠯᠲᠠᠯᠠᠬᠢ ᠡᠳᠦᠷ ᠢ ᠴᠢᠯᠦᠭᠡ ᠶᠢᠨ ᠲᠤᠯᠤᠭᠠᠨ ᠡᠳᠦᠷ ᠭᠡᠳᠡᠭ ᠃ ᠴᠢᠯᠦᠭᠡ ᠶᠢᠨ ᠲᠤᠯᠤᠭᠠᠨ ᠡᠳᠦᠷ ᠲᠤ ᠭᠠᠯ ᠲᠠᠬᠢᠭᠰᠠᠨ ᠮᠢᠬ᠎ᠠ ᠂ ᠠᠮᠤᠰᠤ ᠵᠡᠷᠭᠡ ᠶᠢ ᠲᠠᠯᠠᠯᠭᠠᠨ ᠰᠠᠭᠤᠯᠠᠭ᠎ᠠ ᠳᠤ ᠬᠠᠳᠠᠭᠠᠯᠠᠨ ᠰᠢᠨ᠎ᠡ ᠶᠢᠨ ᠨᠢᠭᠡᠨ ᠪᠣᠯᠲᠠᠯ᠎ᠠ ᠡᠳᠦᠷ ᠪᠦᠷᠢ ᠭᠠᠯ ᠳᠠᠭᠠᠨ ᠠᠷᠢᠬᠢ ᠲᠣᠰᠤ ᠲᠠᠢ ᠡᠷᠭᠦᠵᠦ ᠮᠥᠷᠭᠦᠨ᠎ᠡ ᠃ ᠮᠥᠨ ᠭᠠᠯ ᠲᠠᠬᠢᠬᠤ ᠳᠤ ᠠᠭᠰᠢᠭᠠᠭᠰᠠᠨ ᠭᠠᠯ ᠤᠨ ᠠᠮᠤᠰᠤ ᠶᠢ ᠪᠢᠲᠡᠭᠦᠨ ᠪᠣᠯᠲᠠᠯ᠎ᠠ ᠡᠳᠦᠷ ᠪᠦᠷᠢ ᠬᠠᠯᠠᠭᠠᠵᠤ ᠢᠳᠡᠨ᠎ᠡ ᠃ ᠵᠠᠷᠢᠮ ᠨᠢ ᠴᠠᠭᠠᠨ ᠰᠠᠷ᠎ᠠ ᠳᠤ ᠪᠠᠰᠠ ᠥᠩᠭᠡᠷᠡᠭᠰᠡᠨ ᠵᠢᠯ ᠤᠨ ᠡᠯᠪᠡᠭ ᠦᠯᠡᠳᠡᠪᠦᠷᠢ ᠬᠡᠰᠢᠭ ᠢ ᠬᠠᠯᠠᠭᠠᠵᠤ ᠢᠳᠡᠳᠡᠭ ᠴᠤ ᠪᠤᠢ ᠃ ᠭᠠᠯ ᠤᠨ ᠬᠣᠷᠢᠨ ᠭᠤᠷᠪᠠᠨ ᠳᠤ ᠣᠷᠴᠢᠯᠠᠩ ᠤᠨ ᠪᠤᠷᠬᠠᠨ ᠰᠠᠬᠢᠭᠤᠯᠰᠤᠨ ᠂ ᠡᠵᠡᠯᠡᠭᠴᠢ ᠡᠵᠡᠳ ᠪᠦᠬᠦᠨ ᠲᠡᠭᠷᠢ ᠳᠡᠭᠡᠷ᠎ᠡ ᠣᠴᠢᠵᠤ ᠰᠢᠨᠡᠯᠡᠬᠦ ᠪᠠᠷ ᠮᠣᠷᠳᠠᠭᠰᠠᠨ ᠲᠤᠯᠠ ᠡᠨᠡ ᠲᠤᠯᠤᠭᠠᠨ ᠬᠣᠨᠤᠭ ᠲᠤ ᠣᠷᠴᠢᠯᠠᠩ ᠡᠵᠡᠨ ᠦᠭᠡᠢ ᠶᠠᠪᠤᠳᠠᠭ ᠭᠡᠵᠦ ᠬᠡᠯᠡᠳᠡᠭ ᠃ ᠡᠢᠮᠦ ᠡᠴᠡ ᠴᠢᠯᠦᠭᠡ ᠶᠢᠨ ᠲᠤᠯᠤᠭᠠᠨ ᠡᠳᠦᠷ ᠲᠤ ᠬᠤᠷᠢᠮ ᠬᠢᠬᠦ ᠂ ᠭᠠᠳᠠᠭᠰᠢ ᠭᠠᠷᠬᠤ ᠳᠤ ᠡᠳᠦᠷ ᠦᠵᠡᠭᠦᠯᠳᠡᠭᠦᠭᠡᠢ ᠪᠥᠭᠡᠳ ᠣᠯᠠᠩᠬᠢ ᠠᠢᠯ ᠯᠠᠮᠠ ᠵᠠᠯᠠᠵᠤ ᠷᠠᠰᠢᠶᠠᠯᠠᠵᠤ ᠤᠭᠢᠶᠠᠨ ᠂ ᠬᠠᠭᠤᠴᠢᠨ ᠵᠢᠯ ᠤᠨ ᠭᠠᠢ ᠪᠠᠷᠴᠢᠳ ᠢᠶᠠᠨ ᠬᠠᠭᠤᠴᠢᠨ ᠵᠢᠯ ᠳᠤᠨᠢ ᠠᠷᠢᠯᠭᠠᠵᠤ ᠂ ᠰᠢᠨ᠎ᠡ ᠵᠢᠯ ᠢᠶᠠᠨ ᠡᠷᠡᠭᠦᠯ ᠡᠩᠬᠡ ᠴᠡᠪᠡᠷ ᠰᠠᠢᠬᠠᠨ ᠢᠶᠠᠷ ᠤᠭᠲᠤᠳᠠᠭ ᠃

    ᠮᠥᠨ ᠡᠨᠡᠬᠦ ᠬᠤᠭᠤᠴᠠᠭᠠᠨ ᠳᠤ ᠂ ᠪᠡᠯᠪᠡᠰᠦᠷᠡᠯ ᠲᠠᠢ ᠠᠢᠯ ᠳᠤ ᠲᠥᠷᠦᠯ ᠲᠥᠷᠦᠭᠰᠡᠳ ᠂ ᠤᠷᠤᠭ ᠰᠠᠳᠤᠨ ᠂ ᠬᠠᠷᠢᠩ ᠲᠠᠯ᠎ᠠ ᠶᠢᠨ ᠠᠬ᠎ᠠ ᠳᠡᠭᠦᠦ ᠨᠢ ᠠᠷᠢᠬᠢ ᠲᠠᠢ ᠣᠴᠢᠨ ᠲᠠᠮᠠᠬᠢᠯᠴᠠᠨ ᠂ ᠨᠥᠭᠴᠢᠭᠰᠡᠳ  ᠤᠨ ᠬᠥᠪᠡᠭᠦᠨ ᠪᠣᠯᠤᠭᠰᠠᠳ ᠲᠤ ᠵᠣᠭᠤᠰ ᠠᠳᠭᠤᠭᠤᠯᠵᠤ ᠂ < < ᠰᠠᠨᠠᠭ᠎ᠠ ᠪᠢᠲᠡᠭᠡᠢ ᠵᠣᠪᠠᠭᠠᠷᠠᠢ ︕ ᠴᠤᠭ ᠲᠠᠭᠠᠨ ᠰᠢᠨᠡᠯᠡᠶ᠎ᠡ ︕ > > ᠭᠡᠵᠦ ᠲᠣᠬᠤᠨᠢᠭᠤᠯᠤᠨ ᠬᠡᠯᠡᠵᠦ ᠰᠢᠨ᠎ᠡ ᠭᠤᠶᠤᠳᠠᠭ ᠃ ᠢᠩᠭᠢᠬᠦ ᠳᠤ ᠰᠤᠷᠲᠠᠯ ᠲᠠᠢ ᠠᠢᠯ ᠤᠨ ᠬᠡᠦᠬᠡᠳ ᠮᠤᠷᠠᠯ ᠲᠠᠢ ᠪᠠᠷ ᠲᠠᠯᠠᠷᠬᠠᠬᠤ ᠦᠭᠡ ᠬᠡᠯᠡᠳᠡᠭ ᠃ ᠡᠨᠡ ᠪᠣᠯ ᠬᠠᠷᠢᠩ ᠲᠠᠢ ᠪᠦᠬᠦᠨ ᠤ ᠡᠷᠬᠡᠪᠰᠢ ᠭᠦᠢᠴᠡᠳᠭᠡᠬᠦ ᠴᠢᠬᠤᠯᠠ ᠲᠠᠢ ᠵᠠᠩᠰᠢᠯ ᠪᠣᠯᠤᠨ᠎ᠠ ᠃

    ᠯᠠ ᠰᠠᠷ᠎ᠠ ᠶᠢᠨ ᠬᠠᠮᠤᠭ ᠰᠡᠭᠦᠯᠴᠢ ᠶᠢᠨ ᠨᠢᠭᠡ ᠡᠳᠦᠷ ᠪᠣᠯᠬᠤ ᠪᠠᠭ᠎ᠠ ᠰᠠᠷ᠎ᠠ ᠶᠢᠨ ᠬᠣᠷᠢ ᠶᠢᠰᠦᠨ ᠂ ᠶᠡᠬᠡ ᠰᠠᠷ᠎ᠠ ᠶᠢᠨ ᠭᠤᠴᠢᠨ ᠢ ᠪᠢᠲᠡᠭᠦᠨ ᠬᠡᠮᠡᠵᠤ ᠂ ᠡᠨᠡᠬᠦ ᠪᠢᠲᠡᠭᠦᠨ  ᠢᠶᠠᠨ ᠰᠠᠢᠨ ᠪᠢᠲᠡᠭᠦᠯᠡᠬᠦ ᠬᠡᠮᠡᠨ ᠠᠢᠯ ᠡᠷᠦᠬᠡ ᠪᠦᠬᠦᠨ ᠂ ᠬᠥᠮᠦᠨ ᠪᠦᠬᠦᠨ ᠠᠮᠢᠳᠤᠷᠠᠯ ᠤᠨ ᠬᠢᠷᠢ ᠴᠢᠳᠠᠯ ᠢᠶᠠᠷ ᠢᠶᠠᠨ ᠡᠯᠪᠡᠭ ᠳᠡᠯᠪᠡᠭ ᠪᠡᠯᠡᠳᠭᠡᠳᠡᠭ ᠃ ᠭᠡᠪᠡᠴᠦ ᠪᠢᠲᠡᠭᠦᠨ ᠢ ᠵᠢᠯ ᠤᠨ ᠡᠴᠦᠰ ᠤᠨ ᠬᠠᠷ᠎ᠠ ᠡᠳᠦᠷ ᠬᠡᠮᠡᠳᠡᠭ ᠡᠴᠡ ᠬᠣᠷᠢᠨ ᠨᠠᠢ᠍ᠮᠠᠨ ᠶᠢᠰᠦᠨ  ᠢᠶᠠᠷ ᠮᠣᠩᠭᠤᠯ ᠭᠡᠷ ᠤᠨ ᠪᠠᠷᠠᠭᠤᠨ ᠬᠣᠢᠲᠤ ᠬᠠᠨᠠᠨ ( ᠬᠠᠶᠠᠭᠠᠨ ) ᠳ᠋ᠤ ᠰᠢᠲᠦᠵᠦ ᠪᠠᠢᠭ᠎ᠠ ᠪᠤᠷᠬᠠᠨ ᠤ ᠬᠥᠷᠦᠭ ᠵᠢᠷᠤᠭ ᠢᠶᠠᠨ ᠡᠯᠭᠦᠵᠦ ᠂ ᠪᠤᠷᠬᠠᠨ ᠰᠢᠷᠡᠭᠡᠨ ᠳᠡᠭᠡᠷ᠎ᠡ ᠪᠠᠨ ᠰᠢᠷ᠎ᠠ ᠲᠣᠰᠤ ᠂ ᠵᠤᠵᠠᠭᠠᠨ ᠬᠡᠪ ᠲᠠᠢ ᠬᠤᠷᠤᠳ ᠂ ᠴᠢᠪᠠᠭ᠎ᠠ ᠂ ᠠᠯᠢᠮ᠎ᠠ ᠂ ᠬᠠᠪᠰᠠᠢ ᠂ ᠪᠤᠭᠤᠷᠰᠤᠭ ᠣᠪᠤᠭᠠᠯᠠᠵᠤ ᠳᠠᠬᠢᠨ᠎ᠠ ᠃ ᠲᠡᠭᠡᠭᠡᠳ ᠠᠶᠠᠭᠠᠨ ᠴᠢᠨᠡᠭᠡ ᠴᠦᠬᠦᠴᠡ ᠳᠤ ᠵᠤᠯᠠ ᠠᠰᠠᠭᠠᠵᠤ ᠂ ᠡᠳᠦᠷ ᠪᠦᠷᠢ ᠪᠥᠬᠦᠬᠦ ᠦᠭᠡᠢ ᠪᠠᠷ ᠴᠠᠭᠠᠨ ᠰᠠᠷ᠎ᠠ ᠶᠢᠨ ᠠᠷᠪᠠᠨ ᠲᠠᠪᠤᠨ ᠳᠤ ᠪᠤᠷᠬᠠᠨ ᠬᠤᠷᠢᠶᠠᠬᠤ ᠪᠣᠯᠲᠠᠯ᠎ᠠ ᠮᠥᠩᠬᠡ ᠠᠰᠠᠭᠠᠨ᠎ᠠ ᠃ ᠬᠣᠷᠢᠨ ᠭᠤᠷᠪᠠᠨ ᠳᠤ ᠭᠠᠯ ᠢᠶᠠᠨ ᠲᠠᠬᠢᠭᠰᠠᠨ ᠡᠴᠡ ᠬᠣᠢᠰᠢᠬᠢ ᠴᠢᠯᠦᠭᠡᠨ ᠤ ᠲᠤᠯᠤᠭᠠᠨ ᠡᠳᠦᠷ ᠲᠤ ᠰᠢᠨᠡᠯᠡᠬᠦ ᠶᠠᠭᠤᠮ᠎ᠠ ᠪᠠᠨ ᠪᠡᠯᠡᠳᠭᠡᠬᠦ ᠶᠢᠨ ᠳᠠᠭᠠᠤ ᠂ ᠪᠢᠲᠡᠭᠦᠨ ᠤ ᠥᠷᠯᠦᠭᠡ ᠡᠷᠬᠡᠪᠰᠢ ᠬᠣᠨᠢ ᠢᠮᠠᠭᠠᠨ ᠤ ᠲᠣᠯᠤᠭᠠᠢ ᠰᠢᠭᠢᠷ᠎ᠡ ᠢᠳᠡᠳᠡᠭ ᠤᠯᠠᠮᠵᠢᠯᠠᠯ ᠲᠠᠢ ᠲᠤᠯᠠ ᠪᠢᠲᠡᠭᠦᠨ ᠳᠤ ᠢᠳᠡᠬᠦ ᠪᠠᠷ ᠡᠪᠦᠯ ᠤᠨ ᠢᠳᠡᠰᠢᠨ ᠳᠤ ᠠᠯᠠᠵᠤ ᠢᠳᠡᠭᠰᠡᠨ ᠦᠬᠡᠷ ᠂ ᠬᠣᠨᠢ ᠂ ᠢᠮᠠᠭᠠᠨ ᠤ ᠲᠣᠯᠤᠭᠠᠢ ᠰᠢᠭᠢᠷ᠎ᠡ ᠶᠢ ᠬᠤᠢᠬᠠᠯᠠᠨ᠎ᠠ ᠃ ᠲᠡᠭᠡᠭᠡᠳ ᠪᠢᠲᠡᠭᠦᠨ ᠤ ᠡᠮᠦᠨ᠎ᠡ ᠡᠳᠦᠷ ᠨᠢ ᠰᠢᠯᠵᠠᠷᠠᠳᠠᠯ᠎ᠠ ᠴᠢᠨᠠᠵᠤ ᠂ ᠪᠢᠲᠡᠭᠦᠨ ᠤ ᠥᠷᠯᠦᠭᠡ ᠬᠠᠯᠠᠭᠤᠯᠤᠭᠠᠳ ᠰᠢᠷᠡᠭᠡᠨ ᠳᠡᠭᠡᠷ᠎ᠡ ᠦᠷᠦᠭᠰᠡᠨ ᠤ ᠬᠣᠢᠨ᠎ᠠ ᠭᠡᠷ ᠤᠨ ᠡᠵᠡᠨ ᠡᠷᠡᠭᠲᠡᠢ ᠲᠣᠯᠤᠭᠠᠢ ᠶᠢᠨ ᠲᠣᠬᠤᠨ ᠬᠡᠰᠡᠭ ᠂ ᠵᠠᠪᠢᠵᠠᠨ ᠬᠡᠰᠡᠭ ᠡᠴᠡ ᠤᠯᠠᠨ ᠵᠢᠵᠢᠭ᠌ ᠮᠢᠬ᠎ᠠ ᠣᠭᠲᠤᠯᠤᠨ ᠠᠪᠴᠤ ᠳᠡᠭᠡᠵᠢ ᠪᠣᠯᠭᠠᠨ ᠲᠤᠰᠭᠠᠢ ᠫᠢᠯᠠ ᠳ᠋ᠤ ᠬᠢᠵᠦ ᠂ ᠦᠳᠡᠰᠢ ᠲᠦᠯᠡᠰᠢ ᠰᠢᠲᠠᠭᠠᠨ ᠳᠡᠭᠡᠳᠦᠰ ᠤᠨ ᠣᠩᠭᠤᠨ ᠳᠠᠭᠠᠨ ᠡᠷᠭᠦᠬᠦ ᠦᠨᠦᠷ ᠭᠠᠷᠭᠠᠬᠤ ᠳ᠋ᠤ ᠪᠡᠯᠡᠳᠭᠡᠵᠤ ᠦᠯᠡᠳᠡᠭᠡᠨ᠎ᠡ ᠃ ᠲᠡᠭᠡᠭᠡᠳ ᠰᠠᠶᠢ ᠲᠡᠪᠰᠢ ᠲᠠᠢ ᠲᠣᠯᠤᠭᠠᠢ ᠰᠢᠭᠢᠷ᠎ᠡ ᠶᠢ ᠭᠡᠷ ᠤᠨ ᠡᠵᠡᠨ ᠪᠦᠰᠡᠭᠦᠢ ᠤᠯᠠᠨ ᠳᠤ ᠲᠣᠯᠤᠭᠠᠢ ᠰᠢᠭᠢᠷ᠎ᠡ ᠢᠳᠡᠬᠦ ᠶᠡᠬᠡ ᠬᠤᠷᠢᠮ ᠤᠨ ᠬᠤᠪᠢ ᠲᠦᠭᠡᠭᠡᠨ᠎ᠡ ᠃ ᠲᠣᠯᠤᠭᠠᠢ ᠰᠢᠭᠢᠷ᠎ᠡ ᠢᠳᠡᠬᠦ ᠳᠤ ᠂ ᠨᠢᠭᠡ ᠲᠣᠯᠤᠭᠠᠢ ᠶᠢᠨ ᠬᠣᠶᠠᠷ ᠴᠢᠬᠢ ᠶᠢ ᠡᠷᠬᠡᠪᠰᠢ ᠨᠢᠭᠡ ᠬᠥᠮᠦᠨ ᠢᠳᠡᠨ᠎ᠡ ᠃ ᠬᠡᠳᠦᠨ ᠬᠥᠮᠦᠨ ᠬᠤᠪᠢᠶᠠᠵᠤ ᠢᠳᠡᠪᠡᠯ ᠨᠢᠭᠡ ᠨᠢᠭᠡᠨ ᠢᠶᠠᠨ ᠬᠤᠯᠠᠭᠠᠢᠯᠠᠵᠤ ᠴᠢᠩᠨᠠᠬᠤ ᠪᠣᠯᠴᠢᠬᠠᠳᠠᠭ ᠭᠡᠨ᠎ᠡ ᠃ ᠬᠣᠶᠠᠷ ᠨᠢᠳᠦ ᠶᠢ ᠮᠥᠨ ᠨᠢᠭᠡ ᠬᠥᠮᠦᠨ ᠢᠳᠡᠨ᠎ᠡ ᠃ ᠬᠡᠳᠦᠨ ᠬᠥᠮᠦᠨ ᠬᠤᠪᠢᠶᠠᠵᠤ ᠢᠳᠡᠪᠡᠯ ᠨᠢᠭᠡ ᠨᠢᠭᠡᠨ ᠢᠶᠠᠨ ᠬᠢᠯᠤᠢᠵᠤ ᠬᠠᠷᠠᠬᠤ ᠪᠣᠯᠳᠠᠭ ᠭᠡᠨ᠎ᠡ ᠃ ᠲᠠᠩᠨᠠᠢ ᠶᠢ ᠤᠷᠠᠨ ᠲᠠᠩᠨᠠᠢ ᠭᠡᠵᠦ ᠬᠠᠮᠤᠭ ᠣᠳᠬᠤᠨ ᠳᠠᠭᠠᠨ ᠱᠠᠩᠨᠠᠳᠠᠭ ᠃

    ᠪᠢᠲᠡᠭᠦᠦ ᠪᠤᠳᠠᠭ᠎ᠠ ᠢᠳᠡᠵᠦ ᠪᠢᠲᠡᠭᠦᠯᠡᠬᠦ ᠬᠡᠮᠡᠨ ᠪᠢᠲᠡᠭᠦᠨ ᠤ ᠤᠷᠤᠢ ᠵᠠᠪᠠᠯ ᠪᠠᠩᠰᠢ ᠢᠳᠡᠬᠦ ᠲᠤᠯᠠ ᠬᠡᠦᠬᠡᠳ ᠪᠡᠷᠢᠶᠡᠳ ᠪᠣᠯᠤᠭᠰᠠᠳ ᠮᠢᠬ᠎ᠠ ᠬᠡᠷᠴᠢᠨ ᠰᠢᠶᠠᠨᠽᠢ ᠪᠡᠯᠡᠳᠭᠡᠨ ᠪᠠᠩᠰᠢ ᠪᠠᠷᠢᠳᠠᠭ ᠪᠥᠭᠡᠳ ᠴᠥᠭᠡᠨ ᠬᠡᠳᠦᠨ ᠪᠠᠩᠰᠢᠨ ᠳᠣᠲᠤᠷ᠎ᠠ ᠤᠲᠠᠰᠤ ᠂ ᠭᠠᠤᠯᠢᠨ ᠵᠣᠭᠤᠰ ᠂ ᠬᠦᠵᠢ ᠂ ᠬᠥᠪᠦᠩ ᠂ ᠨᠡᠭᠦᠷᠡᠰᠦ ᠬᠢᠵᠦ ᠪᠠᠷᠢᠨ᠎ᠠ ᠃ ᠲᠡᠭᠡᠭᠡᠳ ᠤᠲᠠᠰᠤ ᠲᠠᠢ ᠪᠠᠩᠰᠢ ᠲᠠᠭᠠᠷᠠᠪᠠᠯ ᠤᠷᠳᠤ ᠨᠠᠰᠤᠯᠠᠬᠤ ᠂ ᠵᠣᠭᠤᠰ ᠲᠠᠢ ᠪᠠᠩᠰᠢ ᠲᠠᠭᠠᠷᠠᠪᠠᠯ ᠪᠠᠶᠠᠨ ᠪᠣᠯᠬᠤ ᠂ ᠬᠦᠵᠢ ᠲᠠᠢ ᠪᠠᠩᠰᠢ ᠲᠠᠭᠠᠷᠠᠪᠠᠯ ᠰᠦᠰᠦᠭ ᠶᠡᠬᠡ ᠲᠠᠢ ᠪᠣᠯᠬᠤ ᠂ ᠬᠥᠪᠦᠩ ᠲᠠᠢ ᠪᠠᠩᠰᠢ ᠲᠠᠭᠠᠷᠠᠪᠠᠯ ᠠᠷᠢᠭᠤᠨ ᠴᠠᠭᠠᠨ ᠰᠡᠳᠭᠢᠯ ᠲᠠᠢ ᠪᠣᠯᠬᠤ ᠂ ᠨᠡᠭᠦᠷᠡᠰᠦ ᠲᠠᠢ ᠪᠠᠩᠰᠢ ᠲᠠᠭᠠᠷᠠᠪᠠᠯ ᠬᠠᠷ᠎ᠠ ᠰᠠᠨᠠᠭ᠎ᠠ ᠲᠠᠢ ᠶᠠᠳᠠᠷ ᠶᠠᠳᠠᠭᠤ ᠪᠣᠯᠬᠤ ᠭᠡᠳᠡᠭ ᠲᠤᠯᠠ ᠪᠠᠩᠰᠢ ᠢᠳᠡᠬᠦ ᠳᠡᠭᠡᠨ ᠬᠡᠨ ᠳᠤ ᠶᠠᠭᠤ ᠲᠠᠭᠠᠷᠠᠬᠤ ᠶᠢ ᠶᠡᠬᠡᠳᠡ ᠠᠩᠬᠠᠷᠳᠠᠭ ᠪᠢᠯᠡ ᠃

    ᠪᠦᠷᠦᠢ ᠪᠣᠯᠬᠤ ᠳᠤ ᠳᠡᠭᠡᠳᠦᠰ ᠲᠡᠭᠡᠨ ᠠᠷᠢᠬᠢ ᠰᠠᠷᠬᠤᠳ ᠂ ᠲᠣᠯᠤᠭᠠᠢ ᠰᠢᠭᠢᠷ᠎ᠡ ᠶᠢᠨ ᠮᠢᠬ᠎ᠠ ᠂ ᠲᠤᠰᠤᠨ ᠳᠤ ᠪᠤᠴᠠᠯᠭᠠᠭᠰᠠᠨ ᠬᠠᠪᠰᠠᠢ ᠂ ᠪᠠᠩᠰᠢ ᠵᠡᠷᠭᠡ ᠶᠢ ᠠᠪᠴᠤ ᠂ ᠬᠡᠳᠦᠨ ᠦᠶ᠎ᠡ ᠶᠢᠨ ᠬᠦᠦ ᠬᠡᠦᠬᠡᠳ ᠢᠶᠠᠨ ᠳᠠᠭᠠᠭᠤᠯᠤᠨ ᠂ ᠦᠶ᠎ᠡ ᠰᠤᠨᠤᠭᠰᠠᠨ ᠴᠤ ᠣᠩᠭᠤᠨ ᠨᠢᠭᠡᠲᠡᠢ ᠣᠢᠷᠠᠯᠴᠠᠭ᠎ᠠ ᠰᠠᠭᠤᠭ᠎ᠠ ᠤᠳᠤᠮ ᠤᠭᠰᠠᠭ᠎ᠠ ᠪᠠᠷ ᠢᠶᠠᠨ ᠨᠡᠢᠯᠡᠨ ᠳᠡᠭᠡᠳᠦᠰ ᠤᠨ ᠢᠶᠠᠨ ᠣᠩᠭᠤᠨ ᠤ ᠵᠦᠭ ᠲᠤ ᠭᠠᠷᠤᠭᠠᠳ ᠴᠡᠪᠡᠷ ᠠᠷᠢᠭᠤᠨ ᠭᠠᠵᠠᠷ ᠢ ᠰᠣᠩᠭᠤᠨ ᠭᠠᠯ ᠲᠦᠯᠡᠵᠦ ᠂ ᠠᠷᠢᠬᠢ ᠳᠤᠰᠤᠭᠠᠨ ᠂ ᠢᠳᠡᠭᠡᠨ ᠤ ᠳᠡᠭᠡᠵᠢ ᠪᠠᠨ ᠡᠷᠭᠦᠵᠦ ᠮᠥᠷᠭᠦᠨ᠎ᠡ ᠃ ᠢᠩᠭᠢᠭᠡᠳ ᠲᠦᠯᠡᠰᠢ ᠰᠢᠲᠠᠭᠠᠨ ᠦᠨᠦᠷ ᠭᠠᠷᠭᠠᠭᠰᠠᠨ ᠤ ᠳᠠᠷᠠᠭ᠎ᠠ ᠤᠨᠲᠠᠷᠠᠭᠰᠠᠨ ᠭᠠᠯ ᠤᠨ ᠴᠤᠭ ᠢ ᠳᠠᠷᠤᠵᠤ ᠬᠠᠷᠢᠭᠠᠳ ᠫᠤᠤᠵᠢᠩ ᠲᠠᠯᠪᠢᠨ᠎ᠠ ᠃ ᠢᠩᠭᠢᠭᠡᠳ ᠪᠢᠲᠡᠭᠦᠨ ᠳᠤ ᠶᠢᠰᠦ ᠲᠣᠭᠠᠯᠠᠨ ᠂ ᠪᠢᠲᠡᠭᠦᠨ ᠤ ᠰᠥᠨᠢ ᠶᠢ ᠤᠨᠲᠠᠬᠤ ᠦᠭᠡᠢ ᠪᠠᠷ ᠥᠩᠭᠡᠷᠡᠭᠦᠯᠦᠨ᠎ᠡ ᠭᠡᠵᠦ ᠬᠡᠳᠦᠨ ᠦᠶ᠎ᠡ ᠢᠯᠭᠠᠯ ᠦᠭᠡᠢ ᠫᠠᠷᠵᠢ ᠂ ᠰᠢᠳᠡᠷ᠎ᠡ ᠂ ᠪᠤᠭᠤᠨ ᠵᠢᠷᠭᠡᠭᠡ ᠂ ᠵᠢᠷᠭᠢᠬᠦ ᠵᠢᠷᠭᠡᠭᠡ ᠵᠡᠷᠭᠡ ᠶᠢ ᠨᠠᠭᠠᠳᠴᠤ ᠂ ᠰᠥᠨᠢᠵᠢᠨ ᠬᠦᠭᠵᠢᠯᠳᠦᠵᠤ ᠂ ᠰᠢᠨ᠎ᠡ ᠶᠢᠨ ᠨᠢᠭᠡᠨ ᠢᠶᠠᠨ ᠤᠭᠲᠤᠨ᠎ᠠ ᠃

   

 

    《ᠪᠠᠭᠠᠷᠢᠨ ᠤ ᠵᠠᠩ ᠠᠭᠠᠯᠢ 》 ᠨᠣᠮ ᠡᠴᠡ ᠰᠣᠩᠭᠤᠵᠤ ᠰᠡᠢᠷᠡᠭᠦᠯᠪᠡ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
蒙ICP备14003075号
通信地址:巴林左旗教师进修学校蒙文部 哈那格尔 联系电话:13214869655
Copyright © www.balinedu.com All Right Reserved.内蒙古德力海信息技术有限公司技术支持