ᠰᠣᠨᠢᠨ ᠮᠡᠳᠡᠭᠡ
ᠮᠣᠩᠭᠤᠯ  ᠢᠶᠠᠷ ᠬᠢᠴᠢᠶᠡᠯᠯᠡᠵᠦ ᠪᠦᠬᠦᠢ ᠴᠡᠴᠡᠷᠯᠢᠭ  ᠤᠨ ᠪᠠᠭᠰᠢ ᠨᠠᠷ ᠪᠤᠯᠤᠨ ᠳᠤᠮᠳᠠᠳᠤ ᠪᠠᠭ᠎ᠠ ᠰᠤᠷᠭᠠᠭᠤᠯᠢ  ᠶᠢᠨ ᠪᠠᠭᠰᠢ ᠨᠠᠷ  ᠤᠨ 2012 ᠣᠨ  ᠤ ᠬᠢᠴᠢᠶᠡᠯ ᠲᠥᠷᠦᠯ  ᠤᠨ 《 ᠲᠥᠷᠦᠯ ᠬᠤᠪᠢᠶᠠᠬᠤ ᠂
2016.09.19 ᠲᠣᠰ ᠥᠷᠲᠡᠭᠡᠨ ᠦ ᠨᠠᠢᠷᠠᠭᠤᠯᠤᠭᠴᠢ

     ᠪᠠᠭᠰᠢ ᠨᠠᠷ  ᠤᠨ ᠲᠤᠰᠭᠠᠢ ᠮᠡᠷᠭᠡᠵᠢᠯ  ᠤᠨ ᠬᠥᠭᠵᠢᠯᠲᠡ  ᠶᠢ ᠠᠬᠢᠭᠤᠯᠵᠤ ᠂ ᠲᠤᠬᠠᠢᠯᠠᠭᠰᠠᠨ ᠠᠵᠢᠯ  ᠤᠨ ᠴᠢᠳᠠᠪᠤᠷᠢ ᠂ ᠬᠡᠪ ᠪᠣᠯᠪᠠᠰᠤᠷᠠᠯ  ᠢ ᠪᠦᠬᠦ ᠲᠠᠯ᠎ᠠ ᠪᠡᠷ ᠳᠡᠭᠡᠭᠰᠢᠯᠡᠭᠦᠯᠬᠦ ᠪᠡᠷ ᠬᠠᠷᠠᠯᠲᠠ ᠪᠣᠯᠭᠠᠭᠰᠠᠨ ᠂ ᠬᠣᠰᠢᠭᠤᠨ ᠤ ᠰᠤᠷᠭᠠᠨ ᠬᠥᠮᠦᠵᠢᠯ  ᠤᠨ ᠲᠣᠪᠴᠢᠶᠠᠨ ᠡᠴᠡ ᠭᠣᠣᠯᠴᠢᠯᠠᠨ ᠠᠳᠭᠤᠵᠤ ᠂ ᠪᠠᠭᠰᠢ  ᠶᠢᠨ ᠳᠠᠪᠲᠠᠨ ᠪᠣᠯᠪᠠᠰᠤᠷᠠᠬᠤ ᠰᠤᠷᠭᠠᠭᠤᠯᠢ  ᠶᠢᠨ ᠮᠣᠩᠭᠤᠯ ᠬᠡᠯᠲᠡᠰ ᠡᠴᠡ ᠳᠠᠭᠠᠭᠠᠴᠢᠯᠠᠵᠤ ᠵᠣᠬᠢᠶᠠᠨ ᠪᠠᠢᠭᠤᠯᠤᠭᠰᠠᠨ ᠮᠣᠩᠭᠤᠯ  ᠢᠶᠠᠷ ᠬᠢᠴᠢᠶᠡᠯᠯᠡᠵᠦ ᠪᠦᠬᠦᠢ ᠴᠡᠴᠡᠷᠯᠢᠭ  ᠤᠨ ᠪᠠᠭᠰᠢ ᠨᠠᠷ ᠪᠤᠯᠤᠨ ᠳᠤᠮᠳᠠᠳᠤ ᠪᠠᠭ᠎ᠠ ᠰᠤᠷᠭᠠᠭᠤᠯᠢ  ᠶᠢᠨ ᠪᠠᠭᠰᠢ ᠨᠠᠷ  ᠤᠨ ᠬᠢᠴᠢᠶᠡᠯ ᠲᠥᠷᠦᠯ  ᠤᠨ《 ᠲᠥᠷᠦᠯ ᠬᠤᠪᠢᠶᠠᠬᠤ ᠂ ᠳᠠᠪᠬᠤᠷᠭ᠎ᠠ ᠬᠤᠪᠢᠶᠠᠬᠤ 》᠎ ᠪᠣᠯᠪᠠᠰᠤᠷᠠᠯ  ᠤᠨ ᠬᠣᠶᠠᠳᠤᠭᠠᠷ ᠬᠤᠭᠤᠴᠠᠭᠠᠨ  ᠤ ᠪᠣᠯᠪᠠᠰᠤᠷᠠᠯ  ᠤᠨ ᠰᠤᠷᠤᠯᠴᠠᠯᠭ᠎ᠠ2012᠎ ᠣᠨ  ᠤ8᠎ ᠰᠠᠷ᠎ᠠ  ᠶᠢᠨ9᠎ ᠡᠴᠡ24᠎ ᠤ ᠬᠣᠭᠤᠷᠤᠨᠳᠤ ᠶᠠᠪᠤᠭᠳᠠᠵᠤ ᠂ ᠨᠡᠢᠲᠡ178᠎ ᠪᠠᠭᠰᠢ ᠪᠣᠯᠪᠠᠰᠤᠷᠠᠯ ᠳᠦ ᠣᠷᠤᠯᠴᠠᠨ ᠂ ᠪᠣᠯᠪᠠᠰᠤᠷᠠᠯ  ᠤᠨ ᠡᠯ᠎ᠡ ᠬᠢᠴᠢᠶᠡᠯ ᠲᠥᠷᠦᠯ  ᠤᠨ ᠰᠤᠷᠤᠯᠴᠠᠬᠤ ᠡᠭᠦᠷᠭᠡ ᠪᠡᠨ ᠠᠮᠵᠢᠯᠲᠠ ᠲᠠᠢ ᠪᠡᠶᠡᠯᠡᠭᠦᠯᠦᠭᠰᠡᠨ ᠪᠠᠢᠨ᠎ᠠ ᠃ ᠳᠤᠮᠳᠠᠳᠤ ᠰᠤᠷᠭᠠᠭᠤᠯᠢ  ᠶᠢᠨ ᠮᠣᠩᠭᠤᠯ ᠬᠡᠯᠡ᠂ ᠬᠢᠲᠠᠳ ᠬᠡᠯᠡ  ᠶᠢᠨ ᠪᠠᠭᠰᠢ ᠨᠠᠷ  ᠤᠨ ᠬᠢᠴᠢᠶᠡᠯ ᠲᠥᠷᠦᠯ ᠤᠨ ᠪᠣᠯᠪᠠᠰᠤᠷᠠᠯ ᠨᠢ8᠎ ᠰᠠᠷ᠎ᠠ  ᠶᠢᠨ9᠎ ᠡᠴᠡ11᠎ ᠪᠣᠯᠲᠠᠯ᠎ᠠ ᠮᠣᠩᠭᠤᠯ ᠳᠤᠮᠳᠠᠳᠤ ᠰᠤᠷᠭᠠᠭᠤᠯᠢ ᠳᠦ ᠶᠠᠪᠤᠭᠳᠠᠵᠤ ᠂ ᠥᠯᠵᠡᠢ ᠪᠠᠭᠰᠢ ᠡᠴᠡ ᠮᠣᠩᠭᠤᠯ ᠬᠡᠯᠡᠨ  ᠤ ᠪᠠᠭᠰᠢ ᠨᠠᠷ ᠲᠣ《 ᠵᠢᠭᠠᠨ ᠰᠤᠷᠭᠠᠬᠤ ᠤᠷ᠎ᠠ ᠮᠡᠷᠭᠡᠵᠢᠯ》᠎ ᠭᠡᠬᠦ ᠠᠭᠤᠯᠭ᠎ᠠ ᠪᠡᠷ ᠲᠠᠢᠯᠤᠮᠵᠢ ᠬᠢᠵᠦ ᠂ ᠵᠤᠤ ᠰᠢᠤ ᠯᠢ ᠂ ᠣᠶᠤᠨ ᠬᠣᠶᠠᠷ ᠪᠠᠭᠰᠢ ᠡᠴᠡ ᠬᠢᠲᠠᠳ ᠬᠡᠯᠡᠨ  ᠤ ᠪᠠᠭᠰᠢ ᠨᠠᠷ ᠲᠣ《 ᠵᠢᠭᠠᠨ ᠰᠤᠷᠭᠠᠬᠤ ᠤᠷ᠎ᠠ ᠮᠡᠷᠭᠡᠵᠢᠯ》᠎ ᠭᠡᠬᠦ ᠠᠭᠤᠯᠭ᠎ᠠ ᠪᠡᠷ ᠲᠤᠰ ᠲᠤᠰ ᠲᠠᠢᠯᠤᠮᠵᠢ ᠬᠢᠵᠦ ᠬᠢᠴᠢᠶᠡᠯᠯᠡᠭᠰᠡᠨ ᠪᠠᠢᠨ᠎ᠠ ᠃ ᠴᠡᠴᠡᠷᠯᠢᠭ  ᠤᠨ ᠪᠠᠭᠰᠢ ᠨᠠᠷ  ᠤᠨ ᠪᠣᠯᠪᠠᠰᠤᠷᠠᠯ ᠨᠢ8᠎ ᠰᠠᠷ᠎ᠠ  ᠶᠢᠨ13᠎ ᠡᠴᠡ17᠎ ᠪᠣᠯᠲᠠᠯ᠎ᠠ ᠮᠣᠩᠭᠤᠯ ᠪᠠᠭ᠎ᠠ ᠰᠤᠷᠭᠠᠭᠤᠯᠢ ᠳᠦ ᠶᠠᠪᠤᠭᠳᠠᠵᠤ ᠂ ᠪᠠᠲᠤ ᠂ ᠦᠷᠢᠨᠳᠤᠶᠠᠭ᠎ᠠ ᠂ ᠬᠠᠰᠤᠨ ᠂ ᠤᠶᠤᠨᠳᠡᠯᠭᠡᠷ ᠵᠡᠷᠭᠡ ᠪᠠᠭᠰᠢ ᠡᠴᠡ《 ᠬᠡᠦᠬᠡᠳ  ᠤᠨ ᠴᠡᠴᠡᠷᠯᠢᠭ  ᠤᠨ ᠰᠤᠷᠭᠠᠨ ᠬᠥᠮᠦᠵᠢᠯ  ᠤᠨ ᠬᠦᠳᠦᠯᠪᠤᠷᠢ》᠎ ᠂ 《 ᠦᠯᠢᠭᠡᠷ ᠶᠠᠷᠢᠵᠤ ᠦᠭᠡ ᠬᠡᠯᠡ  ᠶᠢ ᠬᠥᠭᠵᠢᠭᠦᠯᠬᠦ ᠲᠤᠬᠠᠢ》᠎ ᠂ 《 ᠮᠣᠩᠭᠤᠯ ᠣᠨᠴᠠᠯᠢᠭᠲᠤ ᠨᠠᠭᠠᠳᠤᠮ  ᠢᠶᠠᠷ ᠳᠠᠮᠵᠢᠨ ᠬᠡᠦᠬᠡᠳ  ᠤᠨ ᠦᠭᠡ  ᠶᠢ ᠨᠢ ᠨᠥᠯᠦᠭᠡᠯᠡᠵᠦ ᠂ ᠰᠡᠳᠭᠢᠬᠦᠢ  ᠶᠢ ᠬᠥᠭᠵᠢᠭᠦᠯᠬᠦ ᠲᠤᠬᠠᠢ 》᠎ ᠂ 《 ᠴᠡᠴᠡᠷᠯᠢᠭ  ᠤᠨ ᠤᠷᠠᠨ ᠵᠢᠷᠤᠭ  ᠤᠨ ᠰᠤᠷᠭᠠᠨ ᠬᠥᠮᠦᠵᠢᠯ  ᠤᠨ ᠲᠤᠬᠠᠢ》᠎ ᠵᠡᠷᠭᠡ ᠠᠭᠤᠯᠭ᠎ᠠ ᠪᠡᠷ ᠲᠤᠰ ᠲᠤᠰ ᠲᠠᠢᠯᠤᠮᠵᠢ ᠬᠢᠵᠦ ᠬᠢᠴᠢᠶᠡᠯᠯᠡᠭᠰᠡᠨ ᠪᠠᠢᠨ᠎ᠠ ᠃ ᠪᠠᠭ᠎ᠠ ᠰᠤᠷᠭᠠᠭᠤᠯᠢ  ᠶᠢᠨ ᠮᠣᠩᠭᠤᠯ ᠬᠡᠯᠡ᠂ ᠲᠣᠭᠠᠨ  ᠤ ᠤᠬᠠᠭᠠᠨ ᠂ ᠬᠢᠲᠠᠳ ᠬᠡᠯᠡ  ᠶᠢᠨ ᠪᠠᠭᠰᠢ ᠨᠠᠷ  ᠤᠨ ᠬᠢᠴᠢᠶᠡᠯ ᠲᠥᠷᠦᠯ  ᠤᠨ ᠪᠣᠯᠪᠠᠰᠤᠷᠠᠯ ᠨᠢ8᠎ ᠰᠠᠷ᠎ᠠ  ᠶᠢᠨ20᠎ ᠡᠴᠡ24᠎ ᠪᠣᠯᠲᠠᠯ᠎ᠠ ᠪᠠᠭᠰᠢ  ᠶᠢᠨ ᠳᠠᠪᠲᠠᠨ ᠪᠣᠯᠪᠠᠰᠤᠷᠠᠬᠤ ᠰᠤᠷᠭᠠᠭᠤᠯᠢ  ᠳᠦ ᠶᠠᠪᠤᠭᠳᠠᠵᠤ ᠂ ᠡᠷᠳᠡᠨᠢᠪᠠᠳᠤ ᠂ ᠬᠠᠨᠠᠭᠠᠷ ᠬᠣᠶᠠᠷ ᠪᠠᠭᠰᠢ ᠡᠴᠡ ᠮᠣᠩᠭᠤᠯ ᠬᠡᠯᠡᠨ  ᠤ ᠪᠠᠭᠰᠢ ᠨᠠᠷ ᠲᠣ《 ᠵᠢᠭᠠᠨ ᠰᠤᠷᠭᠠᠬᠤ ᠤᠷ᠎ᠠ ᠮᠡᠷᠭᠡᠵᠢᠯ》᠎ ᠭᠡᠬᠦ ᠠᠭᠤᠯᠭ᠎ᠠ ᠪᠡᠷ ᠲᠤᠰ ᠲᠤᠰ ᠲᠠᠢᠯᠤᠮᠵᠢ ᠬᠢᠵᠦ ᠂ ᠡᠷᠳᠡᠨᠢᠳᠤᠭᠳᠠᠬᠤ ᠂ ᠪᠤᠶᠠᠨᠳᠡᠯᠭᠡᠷ ᠬᠣᠶᠠᠷ ᠪᠠᠭᠰᠢ ᠡᠴᠡ ᠲᠣᠭᠠᠨ  ᠤ ᠤᠬᠠᠭᠠᠨ  ᠤ ᠪᠠᠭᠰᠢ ᠨᠠᠷ ᠲᠣ 《 ᠵᠢᠭᠠᠨ ᠰᠤᠷᠭᠠᠬᠤ ᠤᠷ᠎ᠠ ᠮᠡᠷᠭᠡᠵᠢᠯ》᠎ ᠂ 《 ᠬᠢᠴᠢᠶᠡᠯ  ᠤᠨ ᠪᠠᠷᠢᠮᠵᠢᠶ᠎ᠠ》᠎ ᠂ 《 ᠵᠢᠭᠠᠬᠤ ᠠᠷᠭ᠎ᠠ 》᠎ ᠵᠡᠷᠭᠡ ᠠᠭᠤᠯᠭ᠎ᠠ ᠪᠡᠷ ᠲᠤᠰ ᠲᠤᠰ ᠲᠠᠢᠯᠤᠮᠵᠢ ᠬᠢᠵᠦ ᠂ ᠵᠤᠤ ᠰᠢᠤ ᠯᠢ ᠂ ᠣᠶᠤᠨ ᠬᠣᠶᠠᠷ ᠪᠠᠭᠰᠢ ᠡᠴᠡᠬᠢᠳᠠᠳ ᠬᠡᠯᠡ  ᠶᠢᠨ ᠪᠠᠭᠰᠢ ᠨᠠᠷ ᠲᠣ 《 ᠵᠢᠭᠠᠨ ᠰᠤᠷᠭᠠᠬᠤ ᠤᠷ᠎ᠠ ᠮᠡᠷᠭᠡᠵᠢᠯ》᠎ ᠭᠡᠬᠦ ᠠᠭᠤᠯᠭ᠎ᠠ ᠪᠡᠷ ᠲᠤᠰ ᠲᠤᠰ ᠲᠠᠢᠯᠤᠮᠵᠢ ᠬᠢᠵᠦ ᠬᠢᠴᠢᠶᠡᠯᠯᠡᠭᠰᠡᠨ ᠪᠠᠢᠨ᠎ᠠ ᠃

 ᠵᠣᠬᠢᠶᠠᠭᠴᠢ ᠄  ᠬᠠᠨᠠᠭᠠᠷ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
蒙ICP备14003075号
通信地址:巴林左旗教师进修学校蒙文部 哈那格尔 联系电话:13214869655
Copyright © www.balinedu.com All Right Reserved.内蒙古德力海信息技术有限公司技术支持