ᠰᠣᠨᠢᠨ ᠮᠡᠳᠡᠭᠡ
ᠯᠢᠨᠳᠦ᠋ᠩ ᠤᠨ ᠮᠣᠩᠭᠤᠯ ᠦᠨᠳᠦᠰᠦᠲᠡᠨ ᠤ ᠳᠤᠮᠳᠠᠳᠤ ᠰᠤᠷᠭᠠᠭᠤᠯᠢ ᠶᠢᠨ 2012 ᠣᠨ ᠤ ᠴᠡᠷᠢᠭ ᠤᠨ ᠰᠤᠷᠭᠠᠭᠤᠯᠢᠯᠠᠯ ᠠᠮᠵᠢᠯᠲᠠ ᠲᠠᠢ ᠲᠡᠬᠦᠰᠪᠡ
2016.09.20 ᠲᠣᠰ ᠥᠷᠲᠡᠭᠡᠨ ᠦ ᠨᠠᠢᠷᠠᠭᠤᠯᠤᠭᠴᠢ

      ᠯᠢᠨᠳᠦ᠋ᠩ ᠤᠨ ᠮᠣᠩᠭᠤᠯ ᠦᠨᠳᠦᠰᠦᠲᠡᠨ ᠤ ᠳᠤᠮᠳᠠᠳᠤ ᠰᠤᠷᠭᠠᠭᠤᠯᠢ ᠨᠢ ᠰᠤᠷᠤᠭᠴᠢᠳ ᠲᠤ ᠤᠯᠤᠰ ᠤᠨ ᠪᠠᠲᠤᠯᠠᠨ ᠬᠠᠮᠠᠭᠠᠯᠠᠯᠲᠠ ᠶᠢᠨ ᠲᠤᠬᠠᠢ ᠬᠥᠮᠦᠵᠢᠯ ᠬᠢᠵᠦ ᠂ ᠰᠤᠷᠤᠭᠴᠢᠳ ᠤᠨ ᠰᠠᠬᠢᠯᠭ᠎ᠠ ᠪᠠᠳᠤᠴᠢ ᠴᠢᠨᠠᠷ ᠢ ᠴᠢᠩᠭᠠᠳᠭᠠᠨ ᠂ ᠪᠦᠯᠬᠦᠮᠳᠡᠨ ᠤᠷᠤᠭᠰᠢ ᠲᠠᠪᠰᠢᠬᠤ ᠵᠣᠷᠢᠭ ᠰᠥᠰᠦ ᠶᠢ ᠬᠥᠮᠦᠵᠢᠭᠦᠯᠵᠦ ᠂ ᠰᠤᠷᠤᠭᠴᠢ ᠶᠢᠨ ᠡᠩ ᠤᠨ ᠬᠠᠮᠢᠶᠠᠷᠤᠯᠲᠠ  ᠪᠠᠨ ᠤᠯᠠᠮ ᠨᠢᠭᠡ ᠳᠡᠭᠲᠡᠷ ᠲᠤ ᠠᠬᠢᠭᠤᠯᠬᠤ ᠡᠭᠦᠳᠡᠨ ᠡᠴᠡ ᠪᠠᠭᠠᠷᠢᠨ ᠵᠡᠭᠦᠨ ᠬᠣᠰᠢᠭᠤᠨ ᠤ ᠵᠡᠪᠰᠡᠭᠲᠦ ᠴᠠᠭᠳᠠᠭᠠᠨ ᠤ ᠠᠩᠭᠢ ᠡᠴᠡ11᠎ ᠨᠡᠷ᠎ᠡ ᠴᠡᠷᠢᠭ ᠪᠠᠢᠯᠳᠤᠭᠴᠢ ᠶᠢ ᠰᠤᠷᠭᠠᠭᠴᠢ ᠪᠡᠷ ᠤᠷᠢᠵᠤ ᠂ ᠠᠩᠬ᠎ᠠ ᠨᠢᠭᠡ ᠂ ᠠᠩᠬ᠎ᠠ ᠬᠣᠶᠠᠷ ᠂ ᠠᠩᠬ᠎ᠠ ᠭᠤᠷᠪᠠ ᠂ ᠳᠡᠭᠡᠳᠦ ᠨᠢᠭᠡ ᠂ ᠳᠡᠭᠡᠳᠦ ᠬᠣᠶᠠᠷ ᠵᠡᠷᠭᠡ ᠰᠠᠭᠤᠷᠢ ᠣᠨ ᠤ ᠰᠤᠷᠤᠭᠴᠢᠳ ᠲᠤ 2012᠎ ᠤᠨ ᠤ 8᠎ ᠰᠠᠷ᠎ᠠ ᠶᠢᠨ 20᠎ ᠡᠴᠡ 25᠎ ᠪᠣᠯᠲᠠᠯ᠎ᠠ ᠵᠢᠷᠭᠤᠭᠠᠨᠡᠳᠦᠷ ᠤᠨ ᠴᠡᠷᠢᠭ ᠤᠨ ᠰᠤᠷᠭᠠᠭᠤᠯᠢᠯᠠᠯ ᠬᠢᠪᠡ ᠃ ᠴᠡᠷᠢᠭ ᠤᠨ ᠰᠤᠷᠭᠠᠭᠤᠯᠢᠯᠠᠯ ᠤᠨ ᠬᠤᠭᠤᠴᠠᠭᠠᠨ ᠳᠦ ᠴᠡᠷᠢᠭ ᠠᠩᠭᠢ ᠶᠢᠨ ᠵᠢᠭᠰᠠᠭᠠᠯ ᠤᠨ ᠡᠩᠨᠡᠭᠡᠨ ᠤ ᠪᠣᠯᠪᠠᠰᠤᠷᠠᠯ ᠬᠢᠬᠦ ᠪᠡᠷ ᠭᠤᠤᠯᠳᠠᠭᠤᠯᠵᠦ ᠂ ᠥᠷᠯᠦᠭᠡ ᠤᠷᠤᠢ ᠶᠢᠨ ᠴᠠᠭ ᠢ ᠠᠰᠢᠭᠯᠠᠨ ᠠᠩᠭᠢ ᠡᠷᠬᠢᠯᠡᠭᠴᠢ ᠡᠴᠡ ᠰᠤᠷᠤᠭᠴᠢᠳ ᠲᠤ ᠪᠠᠨ ᠦᠵᠡᠯ ᠰᠠᠨᠠᠭᠠᠨ ᠤ ᠬᠥᠮᠦᠵᠢᠯ ᠂ ᠲᠠᠭᠤᠨ ᠤ ᠳᠤᠭᠤᠢᠯᠠᠩ ᠤᠨ ᠪᠠᠭᠰᠢ ᠡᠴᠡ ᠰᠤᠷᠤᠭᠴᠢᠳ ᠲᠤ ᠬᠠᠮᠲᠤ ᠶᠢᠨ ᠲᠠᠭᠤᠨ ᠤ ᠪᠣᠯᠪᠠᠰᠤᠷᠠᠯ ᠬᠢᠭᠰᠡᠨ ᠪᠠᠢᠨ᠎ᠠ ᠃

    ᠵᠣᠬᠢᠶᠠᠭᠴᠢ ᠄  ᠴᠢᠶᠦᠩ ᠶᠠᠨ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
蒙ICP备14003075号
通信地址:巴林左旗教师进修学校蒙文部 哈那格尔 联系电话:13214869655
Copyright © www.balinedu.com All Right Reserved.内蒙古德力海信息技术有限公司技术支持