ᠰᠣᠨᠢᠨ ᠮᠡᠳᠡᠭᠡ
ᠴᠠᠭᠠᠨᠬᠠᠳᠠ ᠰᠤᠷᠭᠠᠭᠤᠯᠢ ᠶᠢᠨ 《 ᠡᠵᠡᠨ ᠮᠡᠳᠡᠵᠦ ᠬᠣᠷᠰᠢᠨ ᠰᠤᠷᠤᠯᠴᠠᠬᠤ 》ᠲᠥᠰᠦᠪ ᠤᠨ ᠠᠩᠬᠠᠳᠤᠭᠠᠷ ᠱᠠᠳᠤᠨ ᠤ ᠳ᠋ᠦᠩᠨᠡᠯᠲᠡ ᠤᠷᠤᠭᠰᠢᠲᠠᠢ ᠶᠠᠪᠤᠭᠳᠠᠯ᠎ᠠ
2014.07.04 ᠲᠣᠰ ᠥᠷᠲᠡᠭᠡᠨ ᠦ ᠨᠠᠢᠷᠠᠭᠤᠯᠤᠭᠴᠢ

    ᠮᠠᠨ ᠰᠤᠷᠭᠠᠭᠤᠯᠢ ᠨᠢ 《 ᠡᠵᠡᠨ ᠮᠡᠳᠡᠵᠦ ᠬᠣᠷᠰᠢᠨ ᠰᠤᠷᠤᠯᠴᠠᠬᠤ 》 ᠲᠥᠰᠦᠪ ᠢ ᠡᠬᠢᠯᠡᠨ ᠬᠡᠷᠡᠭᠵᠢᠭᠦᠯᠦᠭᠰᠡᠨ  ᠢᠶᠡᠷ ᠪᠠᠭᠰᠢ ᠶᠢᠨ ᠢᠳᠡᠪᠬᠢᠵᠢᠯ ᠵᠢᠴᠢ ᠰᠤᠷᠤᠭᠴᠢ ᠶᠢᠨ ᠰᠤᠷᠤᠯᠴᠠᠬᠤ ᠣᠪᠤᠷ ᠲᠣ ᠢᠯᠡᠳᠲᠡ ᠬᠤᠪᠢᠷᠠᠯᠲᠠ ᠭᠠᠷᠴᠤ ᠪᠠᠭᠰᠢ ᠶᠢᠨ ᠵᠢᠯᠤᠭᠤᠳᠤᠮᠵᠢ ᠶᠢᠨ ᠴᠢᠨᠠᠷ ᠂ ᠰᠤᠷᠤᠭᠴᠢ ᠶᠢᠨ ᠡᠵᠡᠨ ᠮᠡᠳᠡᠬᠦ ᠴᠢᠳᠠᠪᠤᠷᠢ ᠤᠯᠠᠮ ᠢᠶᠡᠷ ᠴᠢᠩᠭᠠᠷᠠᠭᠰᠠᠨ ᠢᠶᠡᠷ ᠠᠩᠬᠠᠳᠤᠭᠠᠷ ᠱᠠᠳᠤᠨ ᠤ ᠳ᠋ᠦᠩᠨᠡᠯᠲᠡ 6 ᠰᠠᠷ᠎ᠠ ᠶᠢᠨ 30 ᠤ ᠡᠳᠦᠷ ᠤᠷᠤᠭᠰᠢᠲᠠᠢ ᠶᠠᠪᠤᠭᠳᠠᠭᠰᠠᠨ ᠪᠠᠢᠨ᠎ᠠ ᠃ ᠠᠩᠬᠠᠳᠤᠭᠠᠷ ᠱᠠᠳᠤᠨ ᠤ ᠳ᠋ᠦᠩᠨᠡᠯᠲᠡ ᠤᠨ ᠶᠠᠪᠤᠴᠠ ᠳᠦ ᠰᠤᠷᠭᠠᠨ ᠬᠥᠮᠦᠵᠢᠯ ᠤᠨ ᠲᠣᠪᠴᠢᠶᠠᠨ ᠤ ᠦᠨᠳᠦᠰᠦᠲᠡᠨ ᠤ ᠲᠠᠰᠤᠭ ᠤᠨ ᠬᠤᠷᠴᠠ ᠲᠠᠰᠤᠭ ᠤᠨ ᠳᠠᠷᠤᠭ᠎ᠠ ᠂ ᠵᠢᠭᠠᠬᠤ ᠶᠢ ᠰᠤᠳᠤᠯᠬᠤ ᠲᠠᠰᠤᠭ ᠤᠨ ᠪᠠᠲᠤ ᠡᠷᠬᠢᠯᠡᠭᠴᠢ ᠂ ᠪᠠᠭᠰᠢ ᠶᠢᠨ ᠳᠠᠪᠲᠠᠨ ᠪᠣᠯᠪᠠᠰᠤᠷᠠᠬᠤ ᠰᠤᠷᠭᠠᠭᠤᠯᠢ ᠶᠢᠨ ᠰᠢᠷᠡᠬᠦᠦ ᠡᠷᠬᠢᠯᠡᠭᠴᠢ ᠨᠠᠷ ᠣᠷᠤᠯᠴᠠᠵᠤ ᠂ ᠳᠥᠷᠪᠡ ᠂ ᠲᠠᠪᠤ ᠂ ᠵᠢᠷᠭᠤᠳᠤᠭᠠᠷ ᠣᠨ ᠤ ᠡᠵᠡᠨ ᠮᠡᠳᠡᠵᠦ ᠬᠣᠷᠰᠢᠨ ᠰᠤᠷᠤᠯᠴᠠᠵᠤ ᠪᠠᠢᠭ᠎ᠠ ᠪᠠᠢᠳᠠᠯ ᠢ ᠲᠤᠬᠠᠢ ᠶᠢᠨ ᠭᠠᠵᠠᠷ ᠲᠣ ᠨᠢ ᠲᠣᠭᠤᠷᠢᠨ ᠦᠵᠡᠵᠦ ᠂ ᠳᠠᠪᠠᠭᠤᠯᠢᠭ ᠲᠠᠯ᠎ᠠ ᠪᠠ ᠠᠩᠬᠠᠷᠬᠤ ᠴᠢᠬᠤᠯᠠᠲᠠᠢ ᠵᠦᠢᠯ ᠳᠦ ᠨᠠᠷᠢᠯᠢᠭ ᠵᠠᠳᠠᠯᠤᠯᠲᠠ ᠬᠢᠵᠦ ᠂ ᠪᠦᠬᠦ ᠬᠢᠴᠢᠶᠡᠯᠯᠡᠭᠴᠢ ᠪᠠᠭᠰᠢ ᠲᠠᠢ ᠡᠷᠬᠡ ᠲᠡᠭᠰᠢ ᠪᠡᠷ ᠨᠢᠭᠤᠷᠳᠠᠨ ᠪᠣᠳᠤᠯ ᠰᠠᠨᠠᠯ ᠢᠶᠡᠨ ᠰᠣᠯᠢᠯᠴᠠᠭᠰᠠᠨ ᠪᠠ ᠵᠢᠭᠠᠨ ᠵᠢᠯᠤᠭᠤᠳᠤᠯᠭ᠎ᠠ ᠬᠢᠵᠦ ᠥᠭᠭᠦᠭᠰᠡᠨ ᠢᠶᠡᠷ ᠬᠢᠴᠢᠶᠡᠯᠯᠡᠭᠴᠢ ᠪᠠᠭᠰᠢ ᠨᠠᠷ ᠤᠨᠢᠳᠡᠬᠡᠯ ᠵᠣᠷᠢᠭ ᠤᠯᠠᠮ ᠨᠢᠭᠡ ᠠᠯᠬᠤᠮ ᠬᠦᠪᠴᠢᠯᠡᠭᠳᠡᠵᠤ ᠂ 《 ᠡᠵᠡᠨ ᠮᠡᠳᠡᠵᠦ ᠬᠣᠷᠰᠢᠨ ᠰᠤᠷᠤᠯᠴᠠᠬᠤ 》 ᠲᠥᠰᠦᠪ ᠤᠨ ᠬᠣᠵᠢᠮ ᠤᠨ ᠳᠠᠪᠰᠢᠯᠲᠠ ᠳᠦ ᠪᠠᠲᠤ ᠰᠠᠭᠤᠷᠢ ᠶᠢ ᠲᠠᠯᠪᠢᠭᠰᠠᠨ ᠪᠠᠢᠨ᠎ᠠ ᠃

 ᠵᠣᠬᠢᠶᠠᠭᠴᠢ ᠄  ᠬᠠᠰᠪᠤᠯᠠᠭ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
蒙ICP备14003075号
通信地址:巴林左旗教师进修学校蒙文部 哈那格尔 联系电话:13214869655
Copyright © www.balinedu.com All Right Reserved.内蒙古德力海信息技术有限公司技术支持