ᠰᠣᠨᠢᠨ ᠮᠡᠳᠡᠭᠡ
ᠴᠠᠭᠠᠨᠬᠠᠳᠠ ᠰᠤᠷᠭᠠᠭᠤᠯᠢ ᠶᠢᠨ ᠬᠢᠨ ᠤᠷᠴᠢᠨ ᠲᠤᠭᠤᠷᠢᠨ ᠢᠶᠡᠨ ᠬᠠᠮᠠᠭᠠᠯᠠᠬᠤ ᠬᠥᠮᠥᠵᠢᠯ ᠤᠨ ᠠᠵᠢᠯᠯᠠᠭᠠᠨ ᠥᠷᠨᠢᠬᠥᠯᠥᠯ᠎ᠡ
2015.03.06 ᠲᠣᠰ ᠥᠷᠲᠡᠭᠡᠨ ᠦ ᠨᠠᠢᠷᠠᠭᠤᠯᠤᠭᠴᠢ

 

   ᠤᠯᠤᠰ ᠲᠥᠷᠥ ᠬᠥᠮᠥᠵᠢᠯ ᠤᠨ ᠭᠠᠵᠠᠷ ᠡᠴᠡ ᠵᠤᠬᠢᠶᠠᠨ ᠪᠠᠢ᠌ᠭᠤᠯᠵᠤ᠂ ᠪᠠᠭᠠᠴᠤᠳ ᠤᠨ ᠬᠤᠰᠢᠭᠤᠴᠢ ᠠᠩᠬᠢ ᠡᠴᠡ ᠡᠷᠬᠢᠯᠡᠨ ᠶᠠᠪᠤᠭᠳᠠᠭᠤᠯᠤᠬᠰᠠᠨ ᠰᠤᠷᠤᠬᠴᠢᠳ ᠲᠤ ᠤᠷᠴᠢᠨ ᠲᠤᠭᠤᠷᠢᠨ ᠢᠶᠡᠨ ᠬᠠᠮᠠᠭᠠᠯᠠᠬᠤ ᠬᠥᠮᠥᠵᠢᠯ ᠤᠨ ᠠᠵᠢᠯᠯᠠᠭᠠᠨ 3 ᠰᠠᠷ᠎ᠠ ᠶᠢᠨ 5 ᠤ ᠥᠳᠡ ᠶᠢᠨ ᠬᠤᠢ᠌ᠨ᠎ᠠ《 ᠤᠯᠠᠭᠠᠨᠬᠡᠷᠡᠯ ᠭᠠᠴᠠᠭᠠᠨ ᠤ ᠨᠠᠢ᠌ᠷ ᠤᠨ ᠲᠠᠯᠠᠪᠠᠢ》 ᠶᠢᠨ ᠤᠷᠴᠢᠨ ᠳ᠋ᠤ ᠶᠠᠪᠤᠭᠳᠠᠯ᠎ᠠ᠃
ᠤᠯᠠᠭᠠᠨᠬᠡᠷᠡᠯ ᠭᠠᠴᠠᠭᠠᠨ ᠤ ᠨᠠᠢ᠌ᠷ ᠤᠨ ᠲᠠᠯᠠᠪᠠᠢ ᠶᠢᠨ ᠤᠷᠴᠢᠨ ᠨᠢ ᠭᠠᠴᠠᠭᠠᠨ ᠵᠥᠪᠯᠡᠯ ᠡᠴᠡ ᠭᠤᠤᠯᠯᠠᠨ ᠬᠠᠮᠢᠶᠠᠷᠴᠤ᠂ ᠭᠠᠳᠠᠨ᠎ᠠ ᠲᠤᠳᠤᠨ᠎ᠠ ᠶᠢᠨ ᠬᠥᠮᠥᠰ ᠤᠨ ᠬᠠᠷᠠᠭᠠᠨ ᠢᠯᠡ ᠭᠠᠵᠠᠷ ᠪᠠᠢ᠌ᠷᠢᠯᠠᠬᠰᠠᠨ ᠪᠠᠢ᠌ᠳᠠᠭ᠃ ᠤᠢ᠌ᠷ᠎ᠠ ᠤᠨ ᠬᠤᠭᠤᠴᠠᠭᠠᠨ ᠳ᠋ᠤ ᠲᠤᠰ ᠬᠡᠰᠡᠭ᠌ ᠭᠠᠵᠠᠷ ᠲᠤ ᠴᠠᠭᠠᠨ ᠤ ᠪᠤᠵᠠᠷᠲᠠᠯ ᠬᠡᠴᠡᠬᠥᠳᠡᠵᠤ ᠰᠥᠯᠢᠶᠤᠤ ᠤᠭᠤᠳᠠ᠂ ᠬᠤᠭ ᠨᠤᠪᠰᠢ ᠬᠠ ᠶᠠ ᠥᠬᠡᠢ ᠬᠠᠷᠠᠭᠳᠠᠨ ᠨᠤᠳᠤᠭ ᠤᠰᠤᠨ ᠤ ᠥᠩᠬᠡ ᠲᠥᠷᠬᠥ ᠳ᠋ᠤ ᠮᠠᠭᠤᠬᠠᠨ ᠨᠥᠯᠥᠬᠡ ᠠᠪᠴᠢᠷᠠᠬᠰᠠᠨ ᠡᠴᠡ ᠰᠤᠷᠭᠠᠭᠤᠯᠢ ᠶᠢᠨ ᠤᠯᠤᠰ ᠲᠥᠷᠥ ᠬᠥᠮᠥᠵᠢᠯ ᠤᠨ ᠡᠷᠬᠢᠯᠡᠭ᠍ᠴᠢ ᠴᠠᠩ ᠰᠥᠢ ᠪᠠᠬᠰᠢ᠂ ᠪᠠᠭᠠᠴᠤᠳ ᠤᠨ ᠬᠤᠰᠢᠭᠤᠴᠢ ᠶᠢᠨ ᠬᠠᠪᠰᠤᠷᠤᠨ ᠵᠢᠯᠤᠭᠤᠳᠤᠭᠴᠢ ᠮᠥᠷᠡᠨ ᠪᠠᠬᠰᠢ ᠡᠴᠡ ᠪᠥᠬᠥ ᠬᠢᠴᠢᠶᠡᠯᠯᠡᠭ᠍ᠴᠢ ᠪᠠᠬᠰᠢ ᠵᠢᠴᠢ ᠪᠥᠬᠥ ᠰᠤᠷᠤᠬᠴᠢᠳ ᠢᠶᠡᠨ ᠲᠠᠭᠠᠭᠤᠯᠤᠨ ᠴᠠᠭᠠᠨ ᠤ ᠪᠤᠵᠠᠷᠳᠠᠯ ᠢ ᠠᠷᠢᠯᠭᠠᠨ ᠤᠷᠴᠢᠨ ᠲᠤᠭᠤᠷᠢᠨ ᠢᠶᠡᠨ ᠬᠠᠮᠠᠭᠠᠯᠠᠬᠤ ᠶᠡᠬᠡ ᠬᠡᠪᠴᠢᠶᠡᠨ ᠤ ᠬᠥᠮᠥᠵᠢᠯ  ᠶᠢᠨ ᠠᠵᠢᠯᠯᠠᠭᠠᠨ ᠢ ᠥᠷᠨᠢᠬᠥᠯᠥᠭ᠍ᠰᠡᠨ ᠪᠠᠢ᠌ᠨ᠎ᠠ᠃ ᠠᠵᠢᠯᠯᠠᠭᠠᠨ ᠢᠶᠡᠷ ᠲᠠᠮᠵᠢᠵᠤ ᠰᠤᠷᠤᠬᠴᠢᠳ ᠮᠠᠨᠢ ᠤᠷᠴᠢᠨ ᠲᠤᠭᠤᠷᠢᠨ ᠢᠶᠡᠨ ᠬᠠᠮᠠᠭᠠᠯᠠᠬᠤ ᠨᠢ ᠪᠢᠳᠡ ᠪᠥᠬᠥᠨ ᠤ ᠬᠠᠮᠳᠤ ᠶᠢᠨ ᠡᠬᠥᠷᠬᠡ᠂ ᠥᠴᠥᠬᠡᠨ ᠪᠠᠭ᠎ᠠ ᠴᠡᠪᠡᠷᠯᠡᠬᠡ ᠴᠦ ᠤᠷᠴᠢᠨ ᠲᠤᠭᠤᠷᠢᠨ ᠤ ᠥᠩᠬᠡ ᠲᠥᠷᠬᠥ ᠳ᠋ᠤ ᠥᠰᠥᠳ ᠥᠬᠡᠷ᠎ᠡ ᠬᠠᠢ᠌ᠷ᠎ᠠ ᠬᠠᠯᠠᠮᠵᠢ ᠶᠢ ᠤᠯᠭᠤᠵᠤ ᠴᠢᠳᠠᠬᠤ ᠪᠡᠷ ᠪᠠᠷᠠᠬᠤ ᠥᠬᠡᠢ ᠪᠢᠳᠡᠨ ᠤ ᠠᠮᠢᠳᠤᠷᠠᠯ ᠰᠤᠷᠤᠯᠴᠠᠯᠭ᠎ᠠ ᠳ᠋ᠤ ᠪᠠᠶᠠᠷ ᠪᠠᠬᠠᠳᠤᠯ ᠢ ᠤᠯᠭᠤᠵᠤ ᠴᠢᠳᠠᠬᠤ ᠶᠢ ᠮᠡᠳᠡᠬᠥᠯᠥᠭ᠍ᠰᠡᠨ ᠪᠠᠢ᠌ᠨ᠎ᠠ᠃IMG_1550IMG_1552IMG_1554

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
蒙ICP备14003075号
通信地址:巴林左旗教师进修学校蒙文部 哈那格尔 联系电话:13214869655
Copyright © www.balinedu.com All Right Reserved.内蒙古德力海信息技术有限公司技术支持