ᠮᠣᠩᠭᠤᠯ ᠢᠶᠡᠷ ᠬᠢᠴᠢᠶᠡᠯᠯᠡᠬᠦ ᠡᠯ᠎ᠡ ᠪᠠᠭ᠎ᠠ ᠰᠤᠷᠭᠠᠭᠤᠯᠢ ᠳ᠋ᠤ᠄
5.15 | 5.19ᠪᠣᠯᠳᠠᠯ᠎ᠠ ᠪᠦᠬᠦ ᠬᠤᠳᠠ ᠶᠢᠨ ᠮᠣᠩᠭᠤᠯ ᠢᠶᠡᠷ ᠬᠢᠴᠢᠶᠡᠯᠯᠡᠬᠦ ᠪᠠᠭ᠎ᠠ ᠰᠤᠷᠭᠠᠭᠤᠯᠢ ᠶᠢᠨ ᠬᠡᠯᠡ ᠪᠢᠴᠢᠭ᠌᠂ ᠲᠣᠭᠠᠨ ᠤ ᠤᠬᠠᠭᠠᠨ ᠤ ᠵᠠᠯᠠᠭᠤ ᠢᠳᠡᠷ ᠪᠠᠭᠰᠢ ᠨᠠᠷ ᠤᠨ ᠦᠨᠳᠦᠰᠦᠨ ᠴᠢᠳᠠᠪᠤᠷᠢ ᠶᠢᠨ ᠦᠵᠡᠭᠦᠯᠭᠡ ᠵᠢᠴᠢ ᠬᠢᠴᠢᠶᠡᠯ ᠲᠥᠷᠦᠯ ᠤᠨ ᠪᠣᠯᠪᠠᠰᠤᠷᠠᠯ ᠤᠨ ᠬᠤᠷᠠᠯ ᠬᠢᠬᠦ ᠶᠢ ᠲᠣᠬᠢᠶᠠᠯᠳᠤᠭᠤᠯᠤᠨ᠂ ᠵᠢᠭᠠᠬᠤ ᠶᠢ ᠰᠤᠳᠤᠯᠬᠤ ᠲᠥᠪ ᠡᠴᠡ ᠪᠦᠬᠦ ᠬᠣᠰᠢᠭᠤᠨ ᠤ ᠪᠠᠭ᠎ᠠ ᠰᠤᠷᠭᠠᠭᠤᠯᠢ ᠶᠢᠨ ᠬᠡᠯᠡ ᠪᠢᠴᠢᠭ᠌᠂ ᠲᠣᠭᠠᠨ ᠤ ᠤᠬᠠᠭᠠᠨ ᠤ ᠵᠠᠯᠠᠭᠤ ᠢᠳᠡᠷ ᠪᠠᠭᠰᠢ ᠨᠠᠷ ᠤᠨ ᠲᠠᠩᠬᠢᠮᠳᠤ ᠬᠢᠴᠢᠶᠡᠯᠯᠡᠭᠡ ᠶᠢᠨ ᠦᠨᠳᠦᠰᠦᠨ ᠴᠢᠳᠠᠪᠤᠷᠢ ᠶᠢᠨ ᠮᠥᠷᠦᠢᠴᠡᠭᠡᠨ ᠬᠢᠬᠦ ᠪᠡᠷ ᠲᠣᠭᠳᠠᠯᠠ᠃ ᠪᠤᠳᠠᠳᠠᠢ ᠠᠭᠤᠯᠭ᠎ᠠ ᠨᠢ ᠲᠤᠤᠷᠠᠬᠢ ᠮᠡᠳᠤ᠄
⒈ ᠡᠯ᠎ᠡ ᠰᠤᠷᠭᠠᠭᠤᠯᠢ ᠶᠢᠨ ᠵᠠᠯᠠᠭᠤ ᠪᠠᠭᠰᠢ ᠨᠠᠷ ᠡᠷᠬᠡᠪᠰᠢ ᠣᠷᠤᠯᠴᠠᠨ᠎ᠠ᠂ ᠢᠳᠡᠷ ᠨᠠᠰᠤᠨ ᠤ ᠪᠠᠭᠰᠢ ᠨᠠᠷ ᠰᠠᠢᠨ ᠳᠤᠷ᠎ᠠ ᠡᠴᠡ ᠪᠡᠨ ᠨᠡᠷ᠎ᠡ ᠮᠡᠳᠡᠭᠦᠯᠦᠨ᠎ᠡ᠂ ᠰᠤᠷᠭᠠᠭᠤᠯᠢ ᠶᠢᠨ ᠬᠢᠴᠢᠶᠡᠯ ᠬᠥᠮᠦᠵᠢᠯ ᠤᠨ ᠡᠷᠬᠢᠯᠡᠭᠴᠢ ᠡᠴᠡ ᠣᠷᠤᠯᠴᠠᠬᠤ ᠬᠥᠮᠦᠰ ᠤᠨ ᠨᠡᠷᠡᠰ ᠢ5.5 ᠤ ᠣᠷᠤᠢ ᠶᠢᠨ5:30 ᠡᠴᠡ ᠡᠮᠦᠨ᠎ᠡ ᠵᠢᠭᠠᠬᠤ ᠶᠢ ᠰᠤᠳᠤᠯᠬᠤ ᠲᠥᠪ ᠤᠨ ᠬᠠᠨᠠᠭᠠᠷ ᠪᠠᠭᠰᠢ ᠳ᠋ᠤ ᠮᠡᠳᠡᠭᠦᠯᠦᠨ᠎ᠡ᠃
⒉ ᠮᠥᠷᠦᠢᠴᠡᠭᠡᠨ ᠬᠢᠬᠦ ᠭᠠᠵᠠᠷ᠄
ᠬᠡᠯᠡ ᠪᠢᠴᠢᠭ᠌| ᠪᠠᠶᠠᠨ᠊ᠠ᠋ᠭᠤᠯᠠ ᠰᠤᠷᠭᠠᠭᠤᠯᠢ
ᠲᠣᠭᠠᠨ ᠤ ᠤᠬᠠᠭᠠᠨ| ᠴᠠᠭᠠᠨᠬᠠᠳᠠ ᠰᠤᠷᠭᠠᠭᠤᠯᠢ
⒊ ᠮᠥᠷᠦᠢᠴᠡᠭᠡᠨ ᠬᠢᠬᠦ ᠴᠠᠭ᠄
5.10 ᠤ ᠡᠳᠦᠷ ᠤᠨ8:00ᠡᠴᠡ ᠡᠮᠦᠨ᠎ᠡ ᠡᠯ᠎ᠡ ᠬᠢᠴᠢᠶᠡᠯ ᠲᠥᠷᠦᠯ ᠤᠨ ᠪᠠᠭᠰᠢ ᠨᠠᠷ ᠲᠤᠭᠳᠠᠭᠰᠠᠨ ᠭᠠᠵᠠᠷ ᠲᠤ ᠪᠡᠨ ᠬᠦᠷᠴᠦ ᠮᠥᠷᠦᠢᠴᠡᠭᠡᠨ ᠳ᠋ᠤ ᠣᠷᠤᠯᠴᠠᠨ᠎ᠠ᠃
⒋ ᠮᠥᠷᠦᠢᠴᠡᠭᠡᠨ ᠤ ᠠᠭᠤᠯᠭ᠎ᠠ᠄
ᠮᠣᠩᠭᠤᠯ ᠬᠡᠯᠡ᠄⑴ ᠲᠠᠩᠬᠢᠮ ᠤᠨ ᠬᠢᠴᠢᠶᠡᠯᠯᠡᠭᠡ ⑵ ᠤᠷᠠᠨ ᠲᠣᠳᠤ ᠤᠩᠰᠢᠯᠭ᠎ᠠ ⑶ ᠣ ᠶᠢᠨ ᠪᠢᠷ ᠤᠨ ᠪᠢᠴᠢᠯᠭᠡ
ᠲᠣᠭᠠᠨ ᠤ ᠤᠬᠠᠭᠠᠨ᠄⑴ ᠲᠠᠩᠬᠢᠮ ᠤᠨ ᠬᠢᠴᠢᠶᠡᠯᠯᠡᠭᠡ ⑵ ᠣ ᠶᠢᠨ ᠪᠢᠷ ᠤᠨ ᠪᠢᠴᠢᠯᠭᠡ
⒌ ᠮᠥᠷᠦᠢᠴᠡᠭᠡᠨ ᠨᠢ ᠣᠨ ᠠᠩᠭᠢ ᠢᠯᠭᠠᠯ ᠦᠭᠡᠢ ᠬᠢᠴᠢᠶᠡᠯ ᠤᠨ ᠠᠬᠢᠴᠠ ᠶᠣᠰᠤᠭᠠᠷ ᠰᠢᠪᠠᠭ᠎ᠠ ᠲᠠᠳᠠᠨ ᠶᠠᠪᠤᠭᠳᠠᠨ᠎ᠠ᠃( ᠮᠥᠷᠦᠢᠴᠡᠭᠡᠨ ᠳ᠋ᠤ ᠣᠷᠤᠯᠴᠠᠭᠴᠢ5.7 ᠤ ᠦᠳᠡ ᠶᠢᠨ ᠬᠣᠢᠨ᠎ᠠ ᠶᠢᠨ3:00 ᠴᠠᠭ ᠲᠤ ᠵᠢᠭᠠᠬᠤ ᠶᠢ ᠰᠤᠳᠤᠯᠬᠤ ᠲᠥᠪ ᠤᠨ ᠮᠣᠩᠭᠤᠯ ᠬᠡᠯᠳᠡᠰ ᠲᠤ ᠬᠦᠷᠴᠦ ᠰᠢᠪᠠᠭ᠎ᠠ ᠲᠠᠲᠠᠨ᠎ᠠ)
⒍ ᠮᠥᠷᠦᠢᠴᠡᠭᠡᠨ ᠳ᠋ᠤ ᠣᠷᠤᠯᠴᠠᠭᠴᠢ ᠡᠷᠬᠡᠪᠰᠢ《ᠳᠥᠷᠪᠡᠨ ᠪᠤᠭᠤᠮᠳᠠ ᠳᠠᠪᠠᠬᠤ ᠵᠢᠭᠠᠬᠤ ᠠᠷᠭ᠎ᠠ》ᠪᠠ《ᠭᠤᠷᠪᠠᠨ ᠠᠯᠬᠤᠮᠲᠤ ᠵᠢᠭᠠᠬᠤ ᠠᠷᠭ᠎ᠠ》ᠪᠡᠷ ᠬᠢᠴᠢᠶᠡᠯᠯᠡᠨ᠎ᠡ᠃
⒎ ᠮᠥᠷᠦᠢᠴᠡᠭᠡᠨ ᠤ ᠡᠮᠦᠨ᠎ᠡ ᠬᠤᠶᠠᠷ ᠨᠡᠷᠡᠰ ᠲᠤ ᠲᠣᠳᠤᠷᠠᠭᠰᠠᠨ(ᠮᠣᠩᠭᠤᠯ ᠬᠡᠯᠡ᠂ ᠲᠣᠭᠠᠨ ᠤ ᠤᠬᠠᠭᠠᠨ ᠲᠤᠰᠪᠤᠷᠢ2 ᠬᠥᠮᠦᠨ) ᠪᠠᠭᠰᠢ᠂ ᠬᠣᠰᠢᠭᠤ ᠶᠢ ᠲᠦᠯᠦᠭᠡᠯᠡᠵᠤ ᠬᠤᠳᠠ ᠶᠢᠨ ᠦᠨᠳᠦᠰᠦᠨ ᠴᠢᠳᠠᠪᠤᠷᠢ ᠶᠢᠨ ᠦᠵᠡᠭᠦᠯᠭᠡ ᠳ᠋ᠤ ᠣᠷᠤᠯᠴᠠᠨ᠎ᠠ᠃
ᠪᠠᠭᠠᠷᠢᠨ ᠵᠡᠭᠦᠨ ᠬᠣᠰᠢᠭᠤᠨ ᠤ ᠵᠢᠭᠠᠬᠤ ᠶᠢ ᠰᠤᠳᠤᠯᠬᠤ ᠲᠥᠪ
2017. 5.5
ᠦᠨᠡᠯᠡᠬᠦ 0ᠦᠨᠡᠯᠡᠯᠲᠡ ᠲᠠᠢ