ᠦᠨᠳᠦᠰᠦᠲᠡᠨ ᠦ ᠳᠤᠮᠳᠠᠳᠤ ᠪᠠᠭ᠎ᠠ ᠰᠤᠷᠭᠠᠭᠤᠯᠢ ᠶᠢᠨ ᠲᠣᠢ᠌ᠮᠤ
ᠴᠠᠭᠠᠨᠬᠠᠳᠠ ᠰᠤᠮᠤᠨ ᠤ ᠮᠤᠩᠭ᠋ᠤᠯ ᠦᠨᠳᠦᠰᠦᠲᠡᠨ ᠤ ᠪᠠᠢᠷᠢᠯᠠᠬᠤ ᠳᠦᠷᠢᠮᠲᠦ ᠰᠤᠷᠭᠠᠭᠤᠯᠢ ᠶᠢᠨ ᠲᠣᠪᠴᠢ ᠲᠠᠨᠢᠯᠴᠠᠭᠤᠯᠭ᠎ᠠ
2012.08.12 ᠲᠣᠰ ᠥᠷᠲᠡᠭᠡᠨ ᠦ ᠨᠠᠢᠷᠠᠭᠤᠯᠤᠭᠴᠢ

    ᠲᠣᠪᠴᠢ ᠲᠠᠨᠢᠯᠴᠠᠭᠤᠯᠭ᠎ᠠ ᠄

    ᠮᠣᠩᠭᠤᠯ ᠰᠣᠶᠤᠯ ᠤᠨ ᠰᠢᠮᠡᠯᠢᠭ ᠭᠦᠷᠤᠰᠤᠨ᠎ᠡ ᠂ ᠮᠦᠰᠢᠶᠡᠨ ᠲᠡᠯᠭᠡᠷᠡᠭᠡ ᠰᠣᠷᠭᠤᠭ ᠴᠡᠴᠡᠭ ᠤᠨ ᠨᠢᠭᠡᠨ ᠦᠵᠡᠰᠭᠦᠯᠡᠩ ︱ ᠴᠠᠭᠠᠨᠬᠠᠳᠠ ᠰᠤᠮᠤᠨ ᠤ ᠮᠣᠩᠭᠤᠯ ᠦᠨᠳᠦᠰᠦᠲᠡᠨ ᠤ ᠪᠠᠢᠷᠢᠯᠠᠬᠤ ᠳᠦᠷᠢᠮᠲᠦ ᠰᠤᠷᠭᠠᠭᠤᠯᠢ ᠮᠠᠨᠢ ᠮᠠᠩᠬᠠᠨ ᠨᠤᠲᠤᠭ ᠤᠨ ᠥᠭᠡᠳᠡᠯᠡᠯ ᠦᠩᠭᠡᠵᠢᠯ ᠢ ᠠᠶᠠᠯᠳᠠᠨ ᠂ ᠬᠠᠭᠠᠰ ᠵᠠᠭᠤᠨ ᠤ ᠰᠠᠯᠬᠢ ᠪᠣᠷᠤᠭᠠᠨ ᠢ ᠠᠵᠢᠭ ᠦᠭᠡᠢ ᠲᠤᠭᠤᠯᠤᠨ ᠥᠨᠦᠳᠦᠷ ᠲᠤᠯᠵᠤ ᠪᠠᠢᠭ᠎ᠠ ᠃ ᠭᠡᠬᠦ ᠳᠤ1959 ᠣᠨ ᠳᠤ ᠪᠠᠢᠭᠤᠯᠤᠭᠳᠠᠭᠰᠠᠨ ᠴᠠᠭᠠᠨᠬᠠᠳᠠ ᠰᠤᠮᠤᠨ ᠤ ᠭᠣᠣᠯ ᠪᠠᠭ᠎ᠠ ᠰᠤᠷᠭᠠᠭᠤᠯᠢ ᠶᠢᠨ ᠪᠠᠳᠠᠷᠠᠭᠤᠨ ᠡᠰᠢᠨ ᠡᠴᠡ ᠪᠣᠳᠠᠯᠠᠨ ᠳᠡᠯᠭᠡᠷᠡᠵᠦ ᠪᠤᠵᠠᠭᠠᠢᠷᠠᠨ ᠰᠠᠬᠤᠯᠠᠭᠵᠢᠭᠰᠠᠨ ᠡᠨᠡᠬᠦ ᠮᠣᠩᠭᠤᠯ ᠰᠣᠶᠤᠯ ᠤᠨ ᠮᠥᠩᠬᠡ ᠨᠣᠭᠤᠭᠠᠨ ᠲᠤᠷᠤᠭ ᠮᠣᠳᠤᠨ ᠡᠨᠡ ᠡᠳᠦᠷ ᠪᠣᠯᠬᠤᠶ᠎ᠠ ᠰᠣᠷᠭᠤᠭ ᠨᠣᠭᠤᠭᠠᠨ ᠨᠠᠪᠴᠢ ᠮᠥᠴᠢᠷ ᠢᠶᠠᠨ ᠰᠤᠩᠭᠠᠨ ᠂ ᠰᠣᠶᠤᠯ ᠪᠣᠯᠪᠠᠰᠤᠨ ᠤ ᠠᠮᠢᠵᠢᠷᠠᠯ ᠢᠶᠠᠷ ᠪᠢᠯᠬᠠᠨᠠᠮ ︕ ᠣᠳᠣᠬᠠᠨ ᠲᠤᠰ ᠰᠤᠷᠭᠠᠭᠤᠯᠢ ᠶᠢᠨ ᠶᠡᠷᠤᠩᠭᠡᠢ ᠲᠠᠯᠠᠪᠠᠢ 69900 M2 ᠂ ᠪᠠᠢᠷᠢ ᠶᠢᠨ ᠭᠡᠷ ᠤᠨ ᠲᠠᠯᠠᠪᠠᠢ 676 M2 ᠂ 13 ᠬᠢᠴᠢᠶᠡᠯᠯᠡᠬᠦ ᠠᠩᠭᠢ ᠂ 300 ᠢᠯᠡᠭᠦᠦ ᠰᠤᠷᠤᠭᠴᠢ ᠲᠠᠢ ᠂ 68 ᠪᠠᠭᠰᠢ ᠠᠵᠢᠯᠲᠠᠨ ᠲᠠᠢ ᠥᠭᠡᠳᠡᠯᠡᠨ ᠲᠠᠪᠰᠢᠭ᠎ᠠ ᠶᠡᠬᠡ ᠭᠡᠷ ᠪᠦᠯᠢ ᠪᠣᠯᠬᠤ ᠶᠤᠮ ᠃

    ᠴᠠᠭᠠᠨᠬᠠᠳᠠ ᠰᠤᠮᠤᠨ ᠤ ᠮᠣᠩᠭᠤᠯ ᠦᠨᠳᠦᠰᠦᠲᠡᠨ ᠤ ᠪᠠᠢᠷᠢᠯᠠᠬᠤ ᠳᠦᠷᠢᠮᠲᠦ ᠰᠤᠷᠭᠠᠭᠤᠯᠢ ᠨᠢ ᠥᠭᠡᠷᠡᠴᠢᠯᠡᠯᠲᠡ ᠬᠥᠭᠵᠢᠯᠲᠡ ᠶᠢᠨ ᠤᠷᠤᠰᠭᠠᠯ ᠳᠤᠮᠳᠠ ᠦᠭᠰᠤᠨ ᠥᠭᠡᠳᠡᠯᠡᠨ ᠶᠠᠪᠤᠬᠤ ᠳᠤ ᠪᠠᠨ ᠂ ᠰᠢᠨ᠎ᠡ ᠵᠢ ᠡᠭᠦᠳᠬᠦ ᠪᠦᠳᠤᠭᠡᠯᠴᠢ ᠣᠶᠤᠨ ᠲᠠᠢ ᠂ ᠰᠣᠶᠤᠯ ᠢᠶᠠᠨ ᠬᠥᠭᠵᠢᠭᠦᠯᠬᠦ ᠬᠠᠮᠲᠤ ᠶᠢᠨ ᠵᠣᠷᠢᠯᠭ᠎ᠠ ᠲᠠᠢ ᠤᠳᠤᠷᠢᠳᠬᠤ ᠪᠠᠭ ᠤᠨ ᠲᠠᠭᠠᠭᠤᠯᠭ᠎ᠠ ᠳᠣᠣᠷ᠎ᠠ ᠭᠢᠴᠢᠶᠡᠯ ᠤᠨ ᠥᠭᠡᠷᠡᠴᠢᠯᠡᠯᠲᠡ ᠢ ᠬᠢᠨᠠᠮᠠᠭᠠᠢ ᠪᠥᠭᠡᠳ ᠪᠦᠳᠤᠭᠡᠯᠴᠢ ᠪᠠᠷ ᠲᠤᠤᠱᠯᠠᠭᠤᠯᠵᠦ ᠂ ᠬᠡᠪ ᠴᠢᠨᠠᠷ ᠤᠨ ᠰᠤᠷᠭᠠᠨ ᠬᠥᠮᠦᠵᠢᠯ ᠢ ᠪᠦᠬᠦ ᠲᠠᠯ᠎ᠠ ᠪᠠᠷ ᠠᠭᠢᠭᠤᠯᠵᠦ 《 ᠠᠯᠢᠪᠠ ᠪᠦᠬᠦᠨ ᠰᠤᠷᠤᠭᠴᠢ ᠶᠢᠨ ᠲᠥᠯᠦᠭᠡ 》 《 ᠬᠡᠦᠬᠡᠳ ᠪᠠᠭᠠᠴᠤᠳ ᠪᠣᠯ ᠪᠢᠳᠡᠨ ᠤ ᠢᠷᠡᠭᠡᠳᠤᠢ 》 ᠭᠡᠬᠦ ᠦᠵᠡᠯᠲᠡ ᠢ ᠪᠠᠷᠢᠮᠳᠠᠯᠠᠵᠦ ᠂ ᠰᠢᠨ᠎ᠡ ᠴᠠᠭ ᠦᠶ᠎ᠡ ᠳᠤ ᠵᠣᠬᠢᠴᠠᠬᠤ ᠴᠢᠳᠠᠪᠤᠷᠢᠲᠠᠨ ᠢ ᠭᠦᠮᠤᠵᠢᠭᠦᠯᠭᠦ ᠢ ᠵᠣᠷᠢᠭᠰᠠᠭᠠᠷ ᠢᠷᠡᠪᠡ ᠃

    《 ᠳᠤᠤᠭᠠᠷᠪᠠᠯ ᠲᠠᠭᠤᠨ ᠨᠢᠭᠡ ᠂ ᠳᠤᠭᠲᠤᠷᠪᠠᠯ ᠬᠦᠴᠦᠨ ᠨᠢᠭᠡ 》 ᠪᠠᠭᠰᠢ ᠶᠢᠨ ᠴᠢᠭᠢᠷᠠᠭ ᠡᠩᠨᠡᠭᠡ ᠨᠢ ᠲᠤᠰ ᠰᠤᠷᠭᠠᠭᠤᠯᠢ ᠶᠢᠨ ᠨᠢᠭᠡᠨ ᠣᠨᠴᠠᠯᠢᠭ ᠪᠣᠯᠵᠤ ᠪᠠᠢᠬᠤ ᠨᠢ ᠳᠤᠷᠠᠳᠤᠭᠤᠰᠢᠲᠠᠢ ᠃ ᠪᠦᠬᠦ ᠰᠤᠷᠭᠠᠭᠤᠯᠢ ᠶᠢᠨ ᠪᠠᠭᠰᠢ ᠶᠢᠨ ᠰᠤᠷᠤᠯᠭ᠎ᠠ ᠶᠢᠨ ᠨᠠᠮᠲᠠᠷ ᠤᠨ ᠬᠢᠷᠢ ᠲᠡᠩᠴᠡᠯᠳᠡ ᠶᠢᠨ ᠨᠤᠷᠮ᠎ᠠ ᠵᠠᠭᠤᠨ ᠤ ᠵᠠᠭᠤ ᠳᠤ ᠬᠦᠷᠴᠦ ᠂ ᠵᠠᠯᠠᠭᠤ ᠢᠳᠡᠷ ᠪᠠᠭᠰᠢᠨᠠᠷ  ᠢᠶᠠᠷ ᠭᠤᠤᠯᠯᠠᠵᠦ ᠪᠤᠢ ᠪᠥᠭᠡᠳ ᠪᠠᠭᠰᠢᠨᠠᠷ ᠤᠨ ᠪᠣᠯᠪᠠᠰᠤᠷᠠᠯ ᠤᠷ᠎ᠠ ᠳᠠᠮ ᠤᠨ ᠰᠢᠷᠭᠠᠭᠠᠯ ᠂ ᠤᠶᠤᠨᠴᠢ ᠣᠢᠯᠠᠭᠠᠭᠳᠠᠬᠤᠨ  ᠤ ᠰᠢᠨᠡᠴᠢᠯᠡᠯ ᠢ ᠮᠠᠰᠢᠳᠠ ᠭᠦᠨᠳᠤᠳᠭᠡᠳᠡᠭ ᠡᠴᠡ ᠣᠷᠤᠨ ᠤ ᠲᠡᠰ ᠤᠨ ᠭᠣᠣᠯᠯᠠᠭᠴᠢ ᠪᠠᠭᠰᠢ 3 ᠨᠡᠷ᠎ᠡ ᠂ ᠬᠤᠳᠠ ᠶᠢᠨ ᠲᠡᠰ ᠤᠨ ᠭᠢᠴᠢᠶᠡᠯ ᠲᠥᠷᠦᠯ ᠤᠨ ᠳᠠᠭᠠᠭᠤᠯᠤᠭᠴᠢ 4 ᠨᠡᠷ᠎ᠡ ᠂ ᠬᠤᠳᠠ ᠶᠢᠨ ᠵᠢᠭᠠᠨ ᠰᠤᠷᠭᠠᠬᠤ ᠴᠢᠳᠠᠪᠤᠷᠢᠲᠠᠨ 2 ᠨᠡᠷ᠎ᠡ ᠂ ᠬᠤᠳᠠ ᠶᠢᠨ ᠲᠡᠰ ᠤᠨ ᠭᠣᠣᠯᠯᠠᠭᠴᠢ ᠪᠠᠭᠰᠢ 21 ᠨᠡᠷ᠎ᠡ ᠂ ᠬᠣᠰᠢᠭᠤᠨ  ᠤ ᠭᠢᠴᠢᠶᠡᠯ ᠲᠥᠷᠦᠯ  ᠤᠨ ᠳᠠᠭᠠᠭᠤᠯᠤᠭᠴᠢ 3 ᠨᠡᠷ᠎ᠡ ᠂ ᠵᠢᠭᠠᠨ ᠰᠤᠷᠭᠠᠬᠤ ᠴᠢᠳᠠᠪᠤᠷᠢᠲᠠᠨ 6 ᠨᠡᠷ᠎ᠡ ᠴᠤᠯᠭᠤᠷᠠᠵᠦ ᠂ ᠠᠳᠠᠯᠢ ᠲᠡᠰ ᠤᠨ ᠰᠤᠷᠭᠠᠭᠤᠯᠢ  ᠶᠢᠨ ᠢᠶᠠᠨ ᠳᠤᠮᠳᠠ ᠪᠠᠭᠰᠢ ᠶᠢᠨ ᠬᠦᠴᠦᠨ ᠤ ᠪᠤᠵᠠᠭᠠᠢ ᠴᠢᠭᠢᠷᠠᠭ ᠢᠶᠠᠷ ᠢᠶᠠᠨ ᠭᠠᠢᠬᠠᠭᠳᠠᠵᠦ ᠶᠠᠪᠤᠭ᠎ᠠ ᠶᠤᠮ ᠃

    ᠴᠠᠭ ᠦᠶ᠎ᠡ ᠶᠢᠨ ᠶᠡᠬᠡ ᠰᠢᠭᠰᠢᠭᠡᠨ ᠳᠤᠮᠳᠠ ᠰᠢᠯᠢᠳᠡᠭ ᠨᠢ ᠦᠯᠡᠳᠡᠵᠦ ᠂ ᠰᠢᠭᠠᠷᠤ ᠨᠢ ᠤᠰᠠᠳᠬᠤ ᠨᠢ ᠵᠢᠮ᠎ᠡ ᠃ ᠮᠠᠩᠬᠠᠨ ᠨᠤᠲᠤᠭ ᠤᠨ ᠨᠢᠷᠤᠭᠤ ᠴᠢᠩᠭ᠎ᠠ ᠬᠣᠢᠴᠢᠰ ᠮᠠᠨᠢ ᠡᠭᠦᠨ ᠢ ᠤᠬᠠᠭᠠᠷᠠᠨ ᠂ ᠮᠣᠩᠭᠤᠯ ᠬᠥᠮᠦᠨ ᠤ ᠰᠥᠰᠦᠯᠢᠭ ᠤᠬᠠᠭᠠᠯᠢᠭ ᠲᠣᠷᠭᠠᠨ ᠴᠡᠭᠡᠵᠢᠨ᠎ᠡ ᠬᠣᠵᠢᠮ ᠢ ᠢᠶᠠᠨ ᠪᠣᠳᠤᠨ ᠬᠣᠢᠰᠢᠳᠠ ᠢ ᠢᠶᠠᠨ ᠲᠤᠩᠭᠠᠳᠠᠭ ᠡᠴᠡ ᠰᠤᠷᠭᠠᠭᠤᠯᠢ ᠶᠢᠨ ᠬᠡᠪᠴᠢᠶᠡᠨ᠎ᠡ ᠰᠤᠳᠤᠯᠭᠠᠨ ᠤ ᠰᠡᠳᠦᠪ ᠤᠷᠤᠯᠳᠤᠬᠤ ᠥᠷᠨᠢᠯᠲᠡ ᠤᠢᠯᠵᠦ ᠂ ᠰᠢᠨ᠎ᠡ ᠵᠢ ᠡᠭᠦᠳᠬᠦ ᠂ ᠰᠢᠯᠢᠳᠡᠭ ᠢ ᠲᠡᠮᠡᠴᠡᠭᠡ ᠨᠢ ᠪᠠᠬᠠᠷᠤᠯᠲᠠᠢ ︕ 《 ᠲᠣᠬᠢᠯᠢᠭ ᠠᠰᠠᠭᠤᠯᠲᠠ ᠪᠠᠷ ᠰᠡᠳᠤᠵᠦ ᠂ ᠰᠤᠷᠤᠭᠴᠢ ᠶᠢᠨ ᠪᠦᠳᠤᠭᠡᠯᠴᠢ ᠴᠢᠳᠠᠪᠤᠷᠢ ᠵᠢ ᠭᠦᠮᠤᠵᠢᠭᠦᠯᠭᠦ 》 《 ᠠᠯᠪᠠᠨ ᠵᠢᠷᠤᠮ ᠤᠨ ᠱᠠᠳᠤᠨ ᠳᠠᠬᠢ ᠰᠤᠷᠤᠭᠴᠢᠳ ᠤᠨ ᠬᠢᠲᠠᠳ ᠬᠡᠯᠡᠨ ᠤ ᠬᠡᠷᠡᠭᠯᠡᠭᠡᠨ ᠤ ᠴᠢᠳᠠᠪᠤᠷᠢ ᠵᠢ ᠭᠦᠮᠤᠵᠢᠭᠦᠯᠭᠦ 》 《 ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠱᠠᠳᠤᠨ ᠳᠠᠬᠢ ᠠᠷᠠᠳ ᠤᠨ ᠳᠠᠭᠤᠤ ᠵᠢ ᠤᠯᠠᠮᠵᠢᠯᠠᠨ ᠬᠥᠭᠵᠢᠭᠦᠯᠬᠦ 》 《 ᠮᠣᠩᠭᠤᠯ ᠬᠡᠯᠡᠨ ᠤ ᠪᠠᠷᠢᠮᠵᠢᠶ᠎ᠠ ᠤᠩᠰᠢᠯᠭ᠎ᠠ ᠲᠦᠷᠢᠮᠵᠢᠭᠦᠨ ᠪᠢᠴᠢᠯᠭᠡ ᠢ ᠵᠢᠯᠤᠭᠤᠳᠬᠤ 》 ᠵᠡᠷᠭᠡ ᠤᠯᠤᠰ ᠂ ᠣᠷᠤᠨ ᠂ ᠬᠤᠳᠠ ᠶᠢᠨ ᠲᠤᠷᠰᠢᠯᠲᠠ ᠶᠢᠨ ᠰᠡᠳᠦᠪ ᠤᠳ ᠨᠢ ᠪᠠᠭᠰᠢᠨᠠᠷ ᠤᠨ ᠤᠬᠠᠭ᠎ᠠ ᠲᠠᠮᠢᠷ ᠢ ᠰᠣᠷᠢᠵᠤ ᠂ ᠦᠨᠳᠦᠰᠦᠲᠡᠨ ᠤ ᠰᠤᠷᠭᠠᠨ ᠬᠥᠮᠦᠵᠢᠯ ᠢ ᠤᠷᠤᠭᠰᠢ ᠲᠦᠯᠬᠢᠨ ᠠᠬᠢᠭᠤᠯᠬᠤ ᠬᠦᠴᠦᠨ ᠪᠣᠯᠵᠤ ᠂ ᠪᠠᠶᠠᠷᠯᠠᠭᠤᠰᠢᠲᠠᠢ ᠦᠷ᠎ᠡ ᠠᠰᠢᠭ ᠣᠯᠵᠤ ᠪᠤᠢ ᠃ 《 ᠠᠯᠪᠠᠨ ᠵᠢᠷᠤᠮ ᠤᠨ ᠱᠠᠳᠤᠨ ᠳᠤ ᠠᠷᠠᠳ ᠤᠨ ᠳᠠᠭᠤᠤ ᠵᠢ ᠤᠯᠠᠮᠵᠢᠯᠠᠨ ᠬᠥᠭᠵᠢᠭᠦᠯᠬᠦ 》 ᠲᠤᠷᠰᠢᠬᠤ ᠰᠡᠳᠦᠪ ᠢ ᠲᠤᠷᠰᠢᠨ ᠤᠷᠤᠯᠳᠤᠭᠠᠳ ᠤᠯᠤᠰ ᠤᠨ ᠲᠡᠰ ᠤᠨ ᠲᠡᠷᠢᠭᠦᠨ ᠤ ᠨᠢᠭᠡᠴᠡ ᠪᠠᠷ ᠱᠠᠩᠨᠠᠭᠳᠠᠵᠤ ᠂ ᠬᠡᠦᠬᠡᠳ ᠤᠨ ᠴᠡᠴᠡᠷᠯᠢᠭ ᠨᠢ ᠴᠦ 《 ᠦᠯᠢᠭᠡᠷ ᠶᠠᠷᠢᠬᠤ ᠪᠠᠷ ᠰᠤᠷᠤᠭᠴᠢ ᠶᠢᠨ ᠰᠡᠳᠭᠢᠬᠦᠢ ᠵᠢ ᠬᠥᠭᠵᠢᠭᠦᠯᠬᠦ 》 ᠲᠤᠷᠰᠢᠬᠤ ᠰᠡᠳᠦᠪ ᠢᠶᠠᠷ ᠢᠶᠠᠨ ᠤᠯᠤᠰ ᠤᠨ ᠲᠡᠰ ᠤᠨ 《 ᠲᠡᠷᠢᠭᠦᠨ ᠤ ᠨᠢᠭᠡᠴᠡ 》 ᠶᠢᠨ ᠱᠠᠩᠨᠠᠯ ᠲᠤᠰᠤᠭᠰᠠᠨ ᠪᠠᠢᠨ᠎ᠠ ᠃

    ᠵᠢᠪᠬᠤᠭ᠎ᠠ ᠪᠠᠳᠠᠷᠠᠭᠰᠠᠨ ᠵᠢᠭᠠᠨ ᠰᠤᠷᠭᠠᠯᠲᠠ ᠶᠢᠨ ᠨᠢᠭᠡ ᠭᠣᠭᠴᠤᠭᠠᠨ ᠳᠤ ᠦᠨᠡᠨᠴᠢ ᠤᠢᠯᠡᠴᠢᠯᠡᠯᠭᠡ ᠂ ᠢᠲᠡᠭᠡᠮᠵᠢᠲᠦ ᠬᠦᠰᠡᠯ ᠢᠶᠠᠨ ᠢᠯᠡᠭᠡᠨ ᠲᠡᠳᠭᠦᠭᠰᠡᠨ ᠠᠷᠤ ᠦᠢᠯᠡᠴᠢᠯᠡᠭᠡᠨ ᠲᠦᠰᠢᠭ ᠪᠣᠯᠵᠤ ᠪᠠᠢᠬᠤ ᠨᠢ ᠮᠡᠳᠡᠭᠡᠵᠢ ᠃ ᠰᠤᠷᠭᠠᠭᠤᠯᠢ ᠶᠢᠨ ᠠᠬᠠᠮᠠᠳ ᠪᠠᠭᠰᠢᠨᠠᠷ ᠤᠨ ᠪᠦᠷᠢᠯᠳᠤᠭᠦᠨ ᠲᠠᠢ ᠠᠷᠤ ᠦᠢᠯᠡᠴᠢᠯᠡᠭᠡᠨ ᠤ ᠠᠵᠢᠯ ᠨᠢ ᠡᠨᠡᠬᠦ ᠶᠡᠬᠡ ᠬᠠᠮᠲᠤ ᠨᠢᠭᠡᠴᠡ ᠶᠢᠨ ᠠᠮᠤᠷ ᠲᠦᠪᠰᠢᠨ ᠤ ᠪᠠᠲᠤᠯᠠᠭ᠎ᠠ ᠠᠮᠢ ᠨᠠᠰᠤᠨ ᠤ ᠦᠨᠳᠦᠰᠦᠨ ᠰᠢᠮ᠎ᠡ ᠵᠢ ᠬᠠᠩᠭᠠᠵᠤ ᠪᠠᠢᠬᠤ ᠶᠤᠮ ᠃ ᠲᠣᠬᠢᠯᠢᠭ ᠰᠠᠢᠬᠠᠨ ᠪᠠᠢᠷᠢ ᠶᠢᠨ ᠭᠡᠷ ᠲᠠᠢ ᠂ ᠳᠣᠬᠢ ᠰᠢᠮᠡᠲᠡᠢ ᠬᠣᠭᠤᠯᠠ ᠶᠢᠨ ᠬᠠᠩᠭᠠᠯᠲᠠ ᠲᠠᠢ ᠡᠴᠡ ᠪᠠᠢᠷᠢᠯᠠᠬᠤ ᠳᠦᠷᠢᠮᠲᠦ ᠰᠤᠷᠭᠠᠭᠤᠯᠢ ᠶᠢᠨ ᠦᠨᠳᠦᠰᠦᠨ ᠨᠥᠬᠦᠴᠡᠯ ᠰᠠᠢᠵᠢᠷᠠᠭᠰᠠᠨ ᠢ ᠣᠯᠵᠤ ᠬᠠᠷᠠᠨ᠎ᠠ ᠃ ᠶᠠᠭ ᠡᠢᠮᠦ ᠡᠴᠡ ᠰᠤᠷᠭᠠᠭᠤᠯᠢ ᠨᠢ ᠰᠤᠷᠭᠠᠨ ᠬᠥᠮᠦᠵᠢᠯ ᠤᠨ ᠲᠤᠪᠴᠢᠶᠡᠨ ᠤ ᠤᠳᠠᠭ᠎ᠠ ᠲᠠᠷᠠᠭᠠᠨ ᠤ ᠬᠢᠨᠠᠨ ᠪᠠᠢᠴᠠᠭᠠᠯᠲᠠ ᠢ ᠣᠮᠤᠭᠲᠠᠢ ᠬᠦᠯᠢᠶᠡᠵᠦ ᠂ 《 ᠬᠠᠷᠠᠯᠳᠠᠳᠤ ᠬᠠᠮᠢᠶᠠᠷᠤᠯᠲᠠ ᠶᠢᠨ ᠲᠡᠷᠢᠭᠦᠨ ᠤ ᠨᠢᠭᠡᠴᠡ 》 《 ᠰᠤᠷᠭᠠᠭᠤᠯᠢ ᠶᠢᠨ ᠬᠠᠮᠢᠶᠠᠷᠤᠯᠲᠠ ᠶᠢᠨ ᠲᠡᠷᠢᠭᠦᠨ ᠤ ᠨᠢᠭᠡᠴᠡ 》 ᠶᠢᠨ ᠱᠠᠩᠨᠠᠯ ᠢ ᠵᠢᠯ ᠳᠠᠷᠠᠭᠠᠯᠠᠨ ᠲᠤᠰᠤᠭᠰᠠᠨ ᠪᠠᠢᠨ᠎ᠠ ᠃

    ᠵᠠᠭᠤᠨ ᠤ ᠲᠦᠷᠤᠭᠡᠨ᠎ᠡ ᠴᠤᠭ ᠪᠠᠳᠠᠷᠠᠭᠤᠯᠵᠤ ᠂ ᠵᠣᠯᠪᠤᠭᠠᠲᠤ ᠮᠣᠩᠭᠤᠯ ᠤᠨ ᠬᠦᠰᠡᠯ ᠬᠡᠢᠮᠣᠷᠢ ᠢ ᠬᠤᠷᠤᠢᠯᠠᠭᠰᠠᠨ ᠴᠠᠭᠠᠨᠬᠠᠳᠠ ᠰᠤᠮᠤᠨ ᠤ ᠮᠣᠩᠭᠤᠯ ᠦᠨᠳᠦᠰᠦᠲᠡᠨ ᠤ ᠪᠠᠢᠷᠢᠯᠠᠬᠤ ᠳᠦᠷᠢᠮᠲᠦ ᠰᠤᠷᠭᠠᠭᠤᠯᠢ ᠶᠢᠨ ᠢᠷᠡᠭᠡᠳᠤᠢ ᠰᠠᠷᠠᠭᠤᠯᠬᠠᠨ ᠂ ᠴᠡᠴᠡᠨ ᠴᠡᠯᠮᠡᠭ ᠤᠬᠠᠭᠠᠨᠲᠤ ᠪᠠᠭᠰᠢᠨᠠᠷ ᠤᠨ ᠠᠯᠳᠠᠨ ᠵᠢᠳᠭᠦᠯ ᠢᠶᠠᠷ ᠴᠣᠪᠤᠭᠤ ᠴᠣᠯᠭᠢᠨ ᠮᠣᠩᠭᠤᠯ ᠬᠡᠦᠬᠡᠳ ᠤᠳ ᠤᠨ ᠲᠣᠷᠨᠢᠭᠤᠨ ᠪᠣᠢᠵᠢᠯ ᠢᠶᠠᠷ ᠢᠶᠠᠨ ᠡᠨᠡ ᠢᠷᠡᠭᠡᠳᠤᠢ ᠨᠡᠩ ᠴᠦ ᠰᠠᠷᠠᠭᠤᠯᠬᠠᠨ ︕ ᠬᠡᠯᠡ ᠰᠣᠶᠤᠯ ᠢᠶᠠᠷ ᠦᠨᠳᠦᠰᠦᠲᠡᠨ ᠥᠨᠳᠡᠢᠬᠦ ᠳᠤ ᠂ ᠬᠡᠦᠬᠡᠳ ᠤᠨ ᠢᠷᠡᠭᠡᠳᠤᠢ ᠪᠠᠷ ᠳᠡᠯᠡᠬᠡᠢ ᠡᠩᠭᠡᠵᠢᠨ᠎ᠡ ᠳ᠋ᠠ ︕

 

    ᠤᠳᠤᠷᠢᠳᠬᠤ ᠪᠠᠭ ᠄

    ᠴᠠᠭᠠᠨᠬᠠᠳᠠ ᠰᠤᠮᠤᠨ  ᠤ ᠮᠣᠩᠭᠤᠯ ᠦᠨᠳᠦᠰᠦᠲᠡᠨ  ᠤ ᠪᠠᠢᠷᠢᠯᠠᠬᠤ ᠳᠦᠷᠢᠮᠲᠦ ᠰᠤᠷᠭᠠᠭᠤᠯᠢ  ᠶᠢᠨ ᠨᠠᠮ  ᠤᠨ ᠡᠭᠦᠷ ᠤᠨᠱᠦᠵᠢ ᠂ ᠰᠤᠷᠭᠠᠭᠤᠯᠢ  ᠶᠢᠨ ᠵᠠᠬᠢᠷᠤᠯ ︱ ᠨᠠᠰᠤᠲᠤ ᠂ ᠳᠤᠮᠳᠠᠳᠤ ᠰᠤᠷᠭᠠᠭᠤᠯᠢ  ᠶᠢᠨ ᠥᠨᠳᠦᠷ ᠲᠡᠰ  ᠤᠨ ᠪᠠᠭᠰᠢ  ᠶᠢᠨ ᠲᠤᠰᠢᠶᠠᠯ  ᠤᠨ ᠴᠣᠯᠠ ᠲᠠᠢ ᠃


ᠴᠠᠭᠠᠨᠬᠠᠳᠠ ᠰᠤᠮᠤᠨ  ᠤ ᠮᠣᠩᠭᠤᠯ ᠦᠨᠳᠦᠰᠦᠲᠡᠨ  ᠤ ᠪᠠᠢᠷᠢᠯᠠᠬᠤ ᠳᠦᠷᠢᠮᠲᠦ ᠰᠤᠷᠭᠠᠭᠤᠯᠢ ᠶᠢᠨᠬᠢᠴᠢᠶᠡᠯ ᠬᠥᠮᠦᠵᠢᠯ  ᠤᠨ ᠡᠷᠬᠢᠯᠡᠭᠴᠢ ︱ ᠪᠤᠤ ᠴᠢᠩ ᠱᠠᠨ ᠂ ᠳᠤᠮᠳᠠᠳᠤ ᠰᠤᠷᠭᠠᠭᠤᠯᠢ  ᠶᠢᠨ ᠥᠨᠳᠦᠷ ᠲᠡᠰ  ᠤᠨ ᠪᠠᠭᠰᠢ  ᠶᠢᠨ ᠲᠤᠰᠢᠶᠠᠯ  ᠤᠨ ᠴᠣᠯᠠ ᠲᠠᠢ ᠃


ᠴᠠᠭᠠᠨᠬᠠᠳᠠ ᠰᠤᠮᠤᠨ  ᠤ ᠮᠣᠩᠭᠤᠯ ᠦᠨᠳᠦᠰᠦᠲᠡᠨ  ᠤ ᠪᠠᠢᠷᠢᠯᠠᠬᠤ ᠳᠦᠷᠢᠮᠲᠦ ᠰᠤᠷᠭᠠᠭᠤᠯᠢ  ᠶᠢᠨ ᠤᠯᠤᠰ ᠲᠥᠷᠦ ᠬᠥᠮᠦᠵᠢᠯ  ᠤᠨ ᠡᠷᠬᠢᠯᠡᠭᠴᠢ ︱ ᠲᠦᠮᠡᠨᠰᠦᠬᠡ ᠂ ᠪᠠᠭ᠎ᠠ ᠰᠤᠷᠭᠠᠭᠤᠯᠢ  ᠶᠢᠨ ᠥᠨᠳᠦᠷ ᠲᠡᠰ  ᠤᠨ ᠪᠠᠭᠰᠢ  ᠶᠢᠨ ᠲᠤᠰᠢᠶᠠᠯ  ᠤᠨ ᠴᠣᠯᠠ ᠲᠠᠢ ᠃


ᠴᠠᠭᠠᠨᠬᠠᠳᠠ ᠰᠤᠮᠤᠨ  ᠤ ᠮᠣᠩᠭᠤᠯ ᠦᠨᠳᠦᠰᠦᠲᠡᠨ  ᠤ ᠪᠠᠢᠷᠢᠯᠠᠬᠤ ᠳᠦᠷᠢᠮᠲᠦ ᠰᠤᠷᠭᠠᠭᠤᠯᠢ  ᠶᠢᠨ ᠶᠡᠷᠦᠩᠬᠡᠢ ᠶᠠᠪᠤᠳᠠᠯ  ᠤᠨ ᠡᠷᠬᠢᠯᠡᠭᠴᠢ ︱ ᠦᠨᠡᠨᠪᠠᠶᠠᠷ ᠂ ᠳᠤᠮᠳᠠᠳᠤ ᠰᠤᠷᠭᠠᠭᠤᠯᠢ  ᠶᠢᠨ ᠥᠨᠳᠦᠷ ᠲᠡᠰ  ᠤᠨ ᠪᠠᠭᠰᠢ  ᠶᠢᠨ ᠲᠤᠰᠢᠶᠠᠯ  ᠤᠨ ᠴᠣᠯᠠ ᠲᠠᠢ ᠃

 

ᠡᠮᠦᠨᠡᠬᠢ ᠵᠣᠬᠢᠶᠠᠯᠵᠣᠬᠢᠶᠠᠯ ᠦᠭᠡᠢ ᠪᠣᠯᠵᠠᠢ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
蒙ICP备14003075号
通信地址:巴林左旗教师进修学校蒙文部 哈那格尔 联系电话:13214869655
Copyright © www.balinedu.com All Right Reserved.内蒙古德力海信息技术有限公司技术支持