ᠲᠣᠪᠴᠢ ᠲᠠᠨᠢᠯᠴᠠᠭᠤᠯᠭ᠎ᠠ ᠄
ᠪᠠᠶᠠᠨᠨᠢᠷᠤᠭᠤ ᠪᠠᠯᠭᠠᠰᠤᠨ ᠤ ᠮᠣᠩᠭᠤᠯ ᠦᠨᠳᠦᠰᠦᠲᠡᠨ ᠤ ᠪᠠᠢᠷᠢᠯᠠᠬᠤ ᠳᠦᠷᠢᠮᠲᠦ ᠰᠤᠷᠭᠠᠭᠤᠯᠢ ᠨᠢ ᠰᠤᠮᠤᠨ ᠤ ᠰᠠᠭᠤᠷᠢᠰᠢᠯ ᠨᠠᠢᠯᠵᠤᠤᠷ ᠭᠠᠴᠠᠭᠠᠨ ᠳᠤ ᠪᠠᠢᠷᠢᠰᠢᠵᠤ ᠂ ᠬᠣᠰᠢᠭᠤᠨ ᠲᠥᠪ ᠯᠢᠨᠳᠦ᠋ᠩ ᠪᠠᠯᠭᠠᠰᠤᠨ ᠡᠴᠡ ᠬᠣᠢᠰᠢ 60km ᠬᠢᠵᠠᠭᠠᠷ ᠲᠤ ᠪᠠᠢᠷᠢᠯᠠᠵᠤ ᠪᠠᠢᠨ᠎ᠠ ᠂ ᠤᠮᠠᠷᠠᠳᠤ ᠥᠷᠭᠡᠷᠢᠭ ᠤᠨ 44。34、᠂ ᠵᠡᠭᠦᠨ ᠤᠷᠲᠤᠷᠢᠭ ᠤᠨ19。33、 ᠤᠨ ᠬᠣᠭᠤᠷᠤᠨᠳᠤ ᠣᠷᠤᠰᠢᠵᠤ ᠪᠠᠢᠳᠠᠭ ᠃ ᠲᠤᠰ ᠰᠤᠷᠭᠠᠭᠤᠯᠢ ᠨᠢ 1948 ᠤᠨ ᠳᠤ ᠪᠠᠢᠭᠤᠯᠤᠭᠳᠠᠭᠰᠠᠨ ᠴᠠᠭᠠᠨᠪᠠᠢᠴᠠ ᠰᠤᠷᠭᠠᠭᠤᠯᠢ ᠡᠴᠡ ᠡᠭᠦᠰᠦᠯ ᠲᠠᠢ ᠪᠥᠭᠡᠳ 1959 ᠤᠨ ᠤ ᠨᠠᠮᠤᠷ ᠰᠤᠮᠤᠨ ᠤ ᠵᠠᠰᠠᠭ ᠤᠨ ᠣᠷᠳᠤᠨ ᠬᠠᠳᠠᠲᠤ ᠬᠤᠸᠠ ( ᠣᠳᠤ ᠶᠢᠨ ᠨᠠᠢᠯᠵᠤᠤᠷ ᠭᠠᠴᠠᠭ᠎ᠠ ) ᠳᠤ ᠰᠢᠯᠵᠢᠨ ᠢᠷᠡᠬᠦ ᠶᠢ ᠳᠠᠭᠠᠯᠳᠤᠨ ᠢᠷᠡᠵᠦ ᠂ ᠰᠤᠮᠤᠨ ᠤ ᠭᠣᠣᠯ ᠬᠦᠢᠰᠦᠨ ᠰᠤᠷᠭᠠᠭᠤᠯᠢ ᠪᠣᠯᠪᠠ ᠃ 1968 ᠤᠨ ᠡᠴᠡ ᠡᠬᠢᠯᠡᠨ ᠳᠤᠮᠳᠠᠳᠤ ᠰᠤᠷᠭᠠᠭᠤᠯᠢ ᠶᠢᠨ ᠠᠩᠭᠢ ᠶᠢ ᠡᠯᠰᠡᠵᠦ ᠂ 1971 ᠤᠨ ᠡᠴᠡ ᠡᠬᠢᠯᠡᠵᠦ ᠥᠨᠳᠦᠷ ᠳᠤᠮᠳᠠᠳᠤ ᠶᠢᠨ ᠠᠩᠭᠢ ᠶᠢ ᠴᠦ ᠡᠯᠰᠡᠬᠦ ᠪᠣᠯᠪᠠ ᠃ 1972 ᠤᠨ ᠳᠤ ᠪᠠᠭ᠎ᠠ ᠰᠤᠷᠭᠠᠭᠤᠯᠢ ᠨᠢ ᠲᠤᠰᠭᠠᠷ ᠰᠠᠯᠵᠤ ᠂ ᠨᠠᠢᠯᠵᠤᠤᠷ ᠪᠠᠭ᠎ᠠ ᠰᠤᠷᠭᠠᠭᠤᠯᠢ ᠭᠡᠵᠦ ᠨᠡᠷᠡᠢᠳᠴᠦ ᠪᠠᠢᠵᠠᠢ ᠃
1983 ᠤᠨ ᠳᠤ ᠤᠯᠠᠭᠠᠨᠬᠠᠳᠠ ᠬᠤᠳᠠ ᠶᠢᠨ ᠰᠤᠷᠭᠠᠨ ᠬᠥᠮᠦᠵᠢᠯ ᠤᠨ ᠲᠤᠪᠴᠢᠶ᠎ᠡ ᠡᠴᠡ ᠳᠤᠷᠠᠳᠤᠭᠰᠠᠨ 《ᠬᠣᠶᠠᠷ ᠢᠶᠡᠷ ᠭᠣᠣᠯ ᠪᠣᠯᠭᠠᠵᠤ ᠂ ᠠᠯᠪᠠᠨ ᠡᠴᠡ ᠡᠷᠬᠢᠯᠡᠬᠦ 》 ᠪᠢᠴᠢᠭ᠌ ᠮᠠᠲ᠋ᠡᠷᠢᠶᠠᠯ ᠤᠨ ᠵᠣᠷᠢᠭ ᠰᠠᠨᠠᠭ᠎ᠠ ᠪᠠᠷ ᠰᠤᠮᠤᠨ ᠤ ᠣᠢᠷᠠᠯᠴᠠᠭ᠎ᠠ ᠪᠠᠢᠷᠢᠯᠠᠵᠤ ᠪᠠᠢᠭ᠎ᠠ ᠴᠠᠭᠠᠨᠪᠠᠢᠴᠠ ᠂ ᠬᠦᠬᠡᠬᠠᠳᠠ ᠂ ᠬᠠᠢᠯᠠᠰᠤ ᠭᠤᠷᠪᠠᠨ ᠰᠤᠷᠭᠠᠭᠤᠯᠢ ᠶᠢᠨ ᠳᠥᠷᠪᠡ ᠲᠠᠪᠤᠳᠤᠭᠠᠷ ᠤᠨ ᠤ ᠰᠤᠷᠤᠭᠴᠢᠳ ᠢ ᠲᠦᠪᠯᠠᠷᠠᠭᠦᠯᠵᠠᠢ ᠃1998 ᠤᠨ ᠤ 9 ᠰᠠᠷ᠎ᠠ ᠳᠤ ᠪᠦᠬᠦ ᠰᠤᠮᠤᠨ ᠤ ᠳᠥᠷᠪᠡ ᠲᠠᠪᠤᠳᠤᠭᠠᠷ ᠤᠨ ᠢ ᠲᠤᠰ ᠰᠤᠷᠭᠠᠭᠤᠯᠢ ᠳᠤ ᠲᠦᠪᠯᠠᠷᠡᠬᠦᠯᠵᠠᠢ ᠃ 2005 ᠤᠨ ᠳᠤ 《 ᠰᠤᠷᠭᠠᠭᠤᠯᠢ ᠨᠡᠢᠯᠡᠭᠦᠯᠬᠦ 》 ᠶᠡᠬᠡ ᠤᠷᠤᠰᠭᠠᠯ ᠳᠤ ᠪᠦᠬᠦ ᠰᠤᠮᠤᠨ ᠤ ᠪᠠᠭ᠎ᠠ ᠰᠤᠷᠭᠠᠭᠤᠯᠢ ᠶᠢ ᠨᠡᠢᠯᠡᠭᠦᠯᠵᠦ ᠣᠳᠤ ᠶᠢᠨ ᠪᠠᠶᠠᠨᠨᠢᠷᠤᠭᠤ ᠪᠠᠯᠭᠠᠰᠤᠨ ᠤ ᠮᠣᠩᠭᠤᠯ ᠦᠨᠳᠦᠰᠦᠲᠡᠨ ᠤ ᠪᠠᠢᠷᠢᠯᠠᠬᠤ ᠲᠦᠷᠢᠮᠳᠤᠰᠤᠷᠭᠠᠭᠤᠯᠢ ᠳᠤ ᠲᠥᠪᠯᠡᠷᠡᠭᠦᠯᠦᠭᠰᠡᠨ ᠪᠠᠢᠨ᠎ᠠ ᠃
ᠲᠤᠰ ᠰᠤᠷᠭᠠᠭᠤᠯᠢ ᠳᠤ ᠥᠨᠥ ᠪᠠᠭᠰᠢ ᠂ ᠠᠵᠢᠯᠲᠠᠨ ᠂ ᠠᠵᠢᠯᠴᠢᠨ 93 ᠪᠠᠢᠵᠤ ᠂ ᠡᠭᠦᠨ ᠳᠤ ᠳᠤᠮᠳᠠᠳᠤ ᠰᠤᠷᠭᠠᠭᠤᠯᠢ ᠶᠢᠨ ᠪᠠᠭ᠎ᠠ ᠰᠤᠷᠭᠠᠭᠤᠯᠢ ᠶᠢᠨ ᠥᠨᠳᠦᠷ ᠲᠡᠰ ᠤᠨ ᠪᠠᠭᠰᠢ 22 ᠪᠠᠢᠵᠤ ᠂ ᠪᠠᠭ᠎ᠠ ᠰᠤᠷᠭᠠᠭᠤᠯᠢ ᠶᠢᠨ ᠥᠨᠳᠦᠷ ᠵᠡᠷᠭᠡ ᠶᠢᠨ ᠪᠠᠭᠰᠢ 54 ᠪᠠᠢᠵᠤ ᠂ ᠪᠠᠭ᠎ᠠ ᠰᠤᠷᠭᠠᠭᠤᠯᠢ ᠶᠢᠨ ᠨᠢᠭᠡᠳᠦᠭᠡᠷ ᠲᠡᠰ ᠤᠨ ᠪᠠᠭᠰᠢ 11 ᠪᠠᠢᠨ᠎ᠠ ᠃ ᠪᠦᠬᠦ ᠰᠤᠷᠭᠠᠭᠤᠯᠢ ᠳᠤ 1 ᠡᠴᠡ 6 ᠤᠨ ᠤ 12 ᠵᠢᠭᠠᠨ ᠰᠤᠷᠭᠠᠬᠤ ᠠᠩᠭᠢ ᠲᠠᠢ ᠪᠠᠢᠵᠤ ᠂ ᠰᠤᠷᠭᠠᠭᠤᠯᠢ ᠡᠴᠡ ᠡᠮᠦᠨᠡᠬᠢ ᠴᠡᠴᠡᠷᠯᠢᠭ ᠶᠢᠨ ᠠᠩᠭᠢ 3 ᠪᠠᠢᠨ᠎ᠠ ᠃ ᠣᠳᠤ ᠶᠢᠨ ᠪᠠᠢᠭ᠎ᠠ ᠰᠤᠷᠤᠭᠴᠢᠳ ᠤᠨ ᠲᠣᠭ᠎ᠠ 262 ( ᠴᠡᠴᠡᠷᠯᠢᠭ ᠤᠨ ᠬᠡᠦᠬᠡᠳ ᠪᠠᠭᠲᠠᠨ᠎ᠠ) ᠪᠠᠢᠨ᠎ᠠ ᠃
2011 ᠤᠨ ᠳᠤ ᠬᠢᠴᠢᠶᠡᠯᠯᠡᠬᠦ ᠠᠰᠠᠷ ᠪᠠ ᠪᠠᠢᠷᠢ ᠶᠢᠨ ᠠᠰᠠᠷ ᠪᠠᠷᠢᠵᠤ ᠂ ᠰᠤᠷᠭᠠᠭᠤᠯᠢ ᠶᠢᠨ ᠬᠦᠷᠢᠶᠡᠨ ᠤ ᠲᠠᠯᠠᠪᠠᠢ 55268 ᠳᠥᠷᠪᠡᠯᠵᠢᠨ ᠮᠧᠲ᠋ᠷ ᠂ ᠬᠡᠷ ᠪᠠᠷᠢᠯᠭ᠎ᠠ ᠶᠢᠨ ᠲᠠᠯᠠᠪᠠᠢ 4076 ᠳᠥᠷᠪᠡᠯᠵᠢᠨ ᠮᠧᠲ᠋ᠷ ᠪᠠᠢᠵᠤ ᠂ ᠤᠩᠰᠢᠯᠭ᠎ᠠ ᠶᠢᠨ ᠲᠠᠰᠤᠭ ᠂ ᠲᠤᠷᠰᠢᠯᠲᠠ ᠶᠢᠨ ᠲᠠᠰᠤᠭ ᠂ ᠺᠤᠮᠫᠢᠦᠲ᠋ᠧᠷ ᠤᠨ ᠲᠠᠰᠤᠭ ᠶᠢ ᠪᠦᠷᠢᠨᠵᠢᠬᠦᠯᠦᠭᠰᠡᠨ ᠮᠥᠷᠲᠡᠭᠡᠨ 40 ᠰᠠᠭᠤᠷᠢ ᠺᠤᠮᠫᠢᠦᠲ᠋ᠧᠷ ᠣᠷᠤᠭᠤᠯᠵᠤ ᠂ ᠰᠤᠷᠠᠭ ᠵᠠᠩᠭᠢ ᠶᠢᠨ ᠬᠢᠴᠢᠶᠡᠯ ᠢ ᠨᠡᠭᠡᠭᠡᠨ ᠂ ᠰᠤᠷᠤᠭᠴᠢᠳ ᠤᠨ ᠰᠦᠯᠵᠢᠶᠡᠨ ᠡᠴᠡ ᠮᠡᠳᠡᠯᠭᠡ ᠬᠤᠷᠠᠮᠳᠠᠭᠤᠯᠬᠤ ᠰᠠᠭᠤᠷᠢ ᠶᠢ ᠲᠠᠯᠪᠢᠭᠰᠠᠨ ᠪᠠᠢᠨ᠎ᠠ ᠃ ᠲᠤᠰ ᠵᠢᠯ ᠮᠥᠨ 6ᠲᠦᠮᠡᠨ ᠲᠥᠭᠦᠷᠢᠭ ᠤᠨᠦᠷᠳᠡᠭ ᠪᠦᠬᠦᠢ ᠮᠣᠩᠭᠤᠯ ᠨᠣᠮ ᠣᠷᠤᠭᠤᠯᠵᠤ ᠂ ᠵᠢᠭᠠᠨ ᠰᠤᠷᠭᠠᠯᠲᠠ ᠂ ᠬᠢᠴᠢᠶᠡᠯ ᠬᠥᠮᠦᠵᠢᠯ ᠤᠨ ᠡᠬᠢ ᠰᠤᠷᠪᠤᠯᠵᠢ ᠶᠢ ᠪᠠᠶᠠᠯᠢᠭᠵᠢᠭᠤᠯᠤᠭᠰᠠᠨ ᠪᠠᠢᠨ᠎ᠠ ᠃
1984 ᠤᠨ ᠳᠤ ᠬᠣᠰᠢᠭᠤᠨ ᠤ ᠨᠠᠮ ᠤᠨ ᠬᠣᠷᠢᠶ᠎ᠠ ᠂ ᠬᠣᠰᠢᠭᠤᠨ ᠤ ᠵᠠᠰᠠᠭ ᠤᠨ ᠣᠷᠳᠤᠨ ᠡᠴᠡ ᠲᠤᠰ ᠰᠤᠷᠭᠠᠭᠤᠯᠢ ᠶᠢ 《 ᠪᠣᠯᠪᠠᠰᠤᠨ ᠰᠤᠷᠭᠠᠭᠤᠯᠢ 》 ᠪᠠᠷ ᠨᠡᠷᠡᠢᠳᠴᠦ ᠂ ᠮᠥᠨ ᠲᠤᠰ ᠵᠢᠯ ᠳᠤ ᠪᠠᠨ ᠬᠣᠰᠢᠭᠤᠨ ᠤ ᠰᠤᠷᠭᠠᠨ ᠬᠥᠮᠦᠵᠢᠯ ᠤᠨ ᠲᠣᠪᠴᠢᠶᠠᠨ ᠤ 《 ᠰᠤᠷᠭᠠᠨ ᠬᠥᠮᠦᠵᠢᠯ ᠢ ᠲᠦᠬᠡᠮᠠᠯᠵᠢᠬᠦᠯᠬᠦ ᠪᠠ ᠰᠤᠷᠬᠤ ᠨᠠᠰᠤᠨ ᠡᠴᠡ ᠡᠮᠦᠨᠡᠬᠢ ᠬᠡᠦᠬᠡᠳ ᠤᠨ ᠰᠤᠷᠭᠠᠨ ᠬᠥᠮᠦᠵᠢᠯ ᠤᠨ ᠱᠠᠩᠨᠠᠯ 》 ᠢ ᠲᠤᠰ ᠪᠦᠷᠢ ᠬᠦᠷᠲᠡᠵᠦ ᠂ 85.86.89 ᠤᠨ ᠳᠤ ᠪᠦᠬᠦ ᠬᠣᠰᠢᠭᠤᠨ ᠤ ᠰᠤᠷᠭᠠᠨ ᠬᠥᠮᠦᠵᠢᠯ ᠤᠨ ᠲᠡᠷᠢᠭᠦᠨ ᠤ ᠨᠢᠭᠡᠴᠡ ᠪᠠᠷ ᠰᠣᠩᠭᠤᠭᠳᠠᠪᠠ ᠃ 88.89 ᠤᠨ ᠤ ᠬᠣᠶᠠᠷ ᠵᠢᠯ ᠦᠷᠭᠦᠯᠵᠢᠯᠡᠨ ᠬᠣᠰᠢᠭᠤᠨ ᠤ ᠰᠤᠷᠭᠠᠨ ᠬᠥᠮᠦᠵᠢᠯ ᠤᠨ ᠲᠣᠪᠴᠢᠶᠠᠨ ᠤ ᠬᠠᠷᠠᠯᠳᠠᠳᠤ ᠬᠠᠮᠢᠶᠠᠷᠤᠯᠲᠠ ᠶᠢᠨ ᠠᠵᠢᠯ ᠤᠨ ᠨᠢᠭᠡᠳᠦᠭᠡᠷ ᠲᠡᠰ ᠤᠨ ᠱᠠᠩᠨᠠᠯ ᠢ ᠬᠦᠷᠲᠡᠪᠡ ᠃ 1990 ᠤᠨ ᠳᠤ ᠬᠤᠳᠠ ᠶᠢᠨ ᠵᠠᠰᠠᠭ ᠤᠨ ᠣᠷᠳᠤᠨ ᠡᠴᠡ ᠰᠤᠷᠭᠠᠨ ᠬᠥᠮᠦᠵᠢᠯ ᠤᠨ ᠲᠡᠷᠢᠭᠦᠨ ᠤ ᠬᠠᠮᠲᠤ ᠪᠠᠷ ᠱᠠᠩᠨᠠᠭᠳᠠᠭᠰᠠᠨ ᠤ ᠬᠠᠮᠲᠤ ᠮᠥᠨ ᠲᠤᠰ ᠵᠢᠯ ᠤᠨ 10 ᠰᠠᠷ᠎ᠠ ᠳᠤ 《 ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠦᠨᠳᠦᠰᠦᠲᠡᠨ ᠤ ᠰᠤᠷᠭᠠᠨ ᠬᠥᠮᠦᠵᠢᠯ ᠤᠨ ᠲᠡᠷᠢᠭᠦᠨ ᠤ ᠬᠠᠮᠲᠤ 》 ᠪᠠᠷ ᠱᠠᠩᠨᠠᠭᠳᠠᠪᠠ ᠃
1992 ᠤᠨ ᠳᠤ 《 ᠥᠪᠡᠷᠲᠡᠭᠡᠨ ᠵᠠᠰᠠᠬᠤ ᠣᠷᠤᠨ ᠤ ᠪᠠᠷᠢᠮᠵᠢᠶᠠᠳᠦ ᠦᠨᠳᠦᠰᠦᠲᠡᠨ ᠤ ᠰᠤᠷᠭᠠᠭᠤᠯᠢ 》 ᠪᠡᠷ ᠦᠨᠡᠯᠡᠭᠳᠡᠪᠠ ᠃ 1998 ᠤᠨ ᠤ 10 ᠰᠠᠷ᠎ᠠ ᠳᠤ ᠬᠤᠳᠠ ᠶᠢᠨ ᠲᠡᠰ ᠤᠨ 《 ᠳᠦᠷᠢᠮᠵᠢᠭᠰᠡᠨ ᠬᠠᠮᠢᠶᠠᠷᠤᠯᠲᠠ ᠲᠠᠢ ᠰᠤᠷᠭᠠᠭᠤᠯᠢ 》᠂ 《 ᠵᠢᠭᠠᠨ ᠰᠤᠷᠭᠠᠬᠤ ᠬᠠᠮᠢᠶᠠᠷᠤᠯᠲᠠ ᠶᠢᠨ ᠲᠡᠷᠢᠭᠦᠨ ᠤ ᠨᠢᠭᠡᠴᠡ 》 ᠂ 《 ᠦᠨᠳᠦᠰᠦᠲᠡᠨ ᠤ ᠰᠤᠷᠭᠠᠨ ᠬᠥᠮᠦᠵᠢᠯ ᠤᠨ ᠲᠡᠷᠢᠭᠦᠨ ᠤ ᠬᠠᠮᠲᠤ ᠨᠢᠭᠡᠴᠡ ᠪᠡᠷ ᠬᠦᠬᠢᠬᠦᠯᠦᠭᠳᠡᠪᠡ ᠃ ᠪᠠᠶᠠᠨ ᠠᠭᠤᠯᠠ ᠰᠤᠷᠭᠠᠭᠤᠯᠢ ᠶᠢᠨ ᠬᠡᠳᠦᠨ ᠦᠶ᠎ᠡ ᠶᠢᠨ ᠤᠳᠤᠷᠢᠳᠤᠯᠭ᠎ᠠ ᠂ ᠪᠠᠭᠰᠢ ᠠᠵᠢᠯᠲᠠᠨ ᠤ ᠬᠠᠮᠲᠤ ᠶᠢᠨ ᠴᠢᠷᠮᠠᠢᠯᠭ᠎ᠠ ᠪᠠᠷ ᠲᠤᠰ ᠰᠤᠷᠭᠠᠭᠤᠯᠢ ᠨᠢ ᠤᠯᠠᠮ ᠢᠶᠡᠷ ᠰᠠᠢᠵᠢᠷᠠᠵᠤ ᠂ ᠴᠠᠭ ᠡᠷᠡᠨ ᠤ ᠠᠯᠬᠤᠭ᠎ᠠ ᠲᠠᠢ ᠨᠢᠬᠡᠳᠦᠨ ᠂ ᠰᠤᠷᠭᠠᠭᠤᠯᠢ ᠬᠠᠮᠢᠶᠠᠷᠤᠯᠲᠠ ᠂ ᠵᠢᠭᠠᠨ ᠰᠤᠷᠭᠠᠯᠲᠠ ᠂ ᠬᠡᠪ ᠴᠢᠨᠠᠷ ᠤᠨ ᠲᠠᠯ᠎ᠠ ᠪᠠᠷ ᠢᠯᠡᠳᠳᠠ ᠠᠮᠵᠢᠯᠲᠠ ᠣᠯᠤᠭᠰᠠᠨ ᠡᠴᠡ ᠰᠤᠷᠭᠠᠭᠤᠯᠢ ᠪᠠᠢᠭᠤᠯᠤᠭᠳᠠᠭᠰᠠᠨ ᠡᠴᠡ ᠨᠠᠭᠠᠰᠢ ᠣᠬᠤᠷᠬᠠᠨ ᠭᠤᠴᠢᠨ ᠵᠢᠯ ᠳᠤ ᠣᠷᠤᠨ ᠂ ᠬᠤᠳᠠ ᠂ ᠬᠣᠰᠢᠭᠤ ᠰᠤᠮᠤᠨ ᠤ ᠱᠠᠩᠨᠠᠯ ᠬᠥᠬᠢᠭᠦᠯᠦᠯ ᠢ 70 ᠭᠠᠷᠤᠢ ᠤᠳᠠᠭ᠎ᠠ ᠲᠤᠰᠤᠭᠰᠠᠨ ᠪᠠᠢᠨ᠎ᠠ ᠃
ᠰᠤᠷᠭᠠᠭᠤᠯᠢ ᠶᠢᠨ ᠵᠢᠭᠠᠨ ᠰᠤᠷᠭᠠᠬᠤ ᠠᠰᠠᠷ ᠄
ᠪᠠᠶᠠᠨᠨᠢᠷᠤᠭᠤ ᠪᠠᠯᠭᠠᠰᠤᠨ ᠤ ᠮᠣᠩᠭᠤᠯ ᠦᠨᠳᠦᠰᠦᠲᠡᠨ ᠤ ᠪᠠᠢᠷᠢᠯᠠᠬᠤ ᠳᠦᠷᠢᠮᠲᠦ ᠰᠤᠷᠭᠠᠭᠤᠯᠢ ᠶᠢᠨ ᠨᠠᠮ ᠤᠨ ᠡᠭᠦᠷ ᠤᠨ ᠱᠦᠵᠢ ᠂ ᠰᠤᠷᠭᠠᠭᠤᠯᠢ ᠶᠢᠨ ᠵᠠᠬᠢᠷᠤᠯ ︱ ᠲᠦᠪᠰᠢᠨ ᠂ ᠪᠠᠭ᠎ᠠ ᠰᠤᠷᠭᠠᠭᠤᠯᠢ ᠶᠢᠨ ᠥᠨᠳᠦᠷ ᠲᠡᠰ ᠤᠨ ᠪᠠᠭᠰᠢ ᠶᠢᠨ ᠲᠤᠰᠢᠶᠠᠯ ᠤᠨ ᠴᠣᠯᠠ ᠲᠠᠢ ᠃
ᠪᠠᠶᠠᠨᠨᠢᠷᠤᠭᠤ ᠪᠠᠯᠭᠠᠰᠤᠨ ᠤ ᠮᠣᠩᠭᠤᠯ ᠦᠨᠳᠦᠰᠦᠲᠡᠨ ᠤ ᠪᠠᠢᠷᠢᠯᠠᠬᠤ ᠳᠦᠷᠢᠮᠲᠦ ᠰᠤᠷᠭᠠᠭᠤᠯᠢ ᠶᠢᠨ ᠬᠢᠴᠢᠶᠡᠯ ᠬᠥᠮᠦᠵᠢᠯ ᠤᠨ ᠡᠷᠬᠢᠯᠡᠭᠴᠢ ︱ ᠬᠦᠭᠵᠢᠯᠳᠦ᠂ ᠳᠤᠮᠳᠠᠳᠤ ᠰᠤᠷᠭᠠᠭᠤᠯᠢ ᠶᠢᠨ ᠥᠨᠳᠦᠷ ᠲᠡᠰ ᠤᠨ ᠪᠠᠭᠰᠢ ᠶᠢᠨ ᠲᠤᠰᠢᠶᠠᠯ ᠤᠨ ᠴᠣᠯᠠ ᠲᠠᠢ ᠃
ᠪᠠᠶᠠᠨᠨᠢᠷᠤᠭᠤ ᠪᠠᠯᠭᠠᠰᠤᠨ ᠤ ᠮᠣᠩᠭᠤᠯ ᠦᠨᠳᠦᠰᠦᠲᠡᠨ ᠤ ᠪᠠᠢᠷᠢᠯᠠᠬᠤ ᠳᠦᠷᠢᠮᠲᠦ ᠰᠤᠷᠭᠠᠭᠤᠯᠢ ᠶᠢᠨ ᠤᠯᠤᠰ ᠲᠥᠷᠦ ᠬᠥᠮᠦᠵᠢᠯ ᠤᠨ ᠡᠷᠬᠢᠯᠡᠭᠴᠢ ︱ᠬᠠᠰᠸᠴᠢᠷ᠂ ᠪᠠᠭ᠎ᠠ ᠰᠤᠷᠭᠠᠭᠤᠯᠢ ᠶᠢᠨ ᠥᠨᠳᠦᠷ ᠲᠡᠰ ᠤᠨ ᠪᠠᠭᠰᠢ ᠶᠢᠨ ᠲᠤᠰᠢᠶᠠᠯ ᠤᠨ ᠴᠣᠯᠠ ᠲᠠᠢ ᠃
ᠪᠠᠶᠠᠨᠨᠢᠷᠤᠭᠤ ᠪᠠᠯᠭᠠᠰᠤᠨ ᠤ ᠮᠣᠩᠭᠤᠯ ᠦᠨᠳᠦᠰᠦᠲᠡᠨ ᠤ ᠪᠠᠢᠷᠢᠯᠠᠬᠤ ᠳᠦᠷᠢᠮᠲᠦ ᠰᠤᠷᠭᠠᠭᠤᠯᠢ ᠶᠢᠨ ᠶᠡᠷᠦᠩᠬᠡᠢ ᠶᠠᠪᠤᠳᠠᠯ ᠤᠨ ᠡᠷᠬᠢᠯᠡᠭᠴᠢ ︱ ᠸᠠᠩ ᠵᠦᠩ ᠂ ᠪᠠᠭ᠎ᠠ ᠰᠤᠷᠭᠠᠭᠤᠯᠢ ᠶᠢᠨ ᠥᠨᠳᠦᠷ ᠲᠡᠰ ᠤᠨ ᠪᠠᠭᠰᠢ ᠶᠢᠨ ᠲᠤᠰᠢᠶᠠᠯ ᠤᠨ ᠴᠣᠯᠠ ᠲᠠᠢ ᠃
ᠦᠨᠡᠯᠡᠬᠦ 0ᠦᠨᠡᠯᠡᠯᠲᠡ ᠲᠠᠢ