ᠮᠤᠷᠠᠯ ᠬᠥᠮᠦᠵᠢᠯ
2011︱2012 ᠰᠤᠷᠬᠤ ᠤᠨ ᠤ ᠳᠡᠭᠡᠳᠦ ᠬᠤᠭᠤᠴᠠᠭᠠᠨ ᠳᠡᠬᠢ ᠯᠢᠨᠳᠦ᠋ᠩ ᠤᠨ ᠮᠣᠩᠭᠤᠯ ᠳᠤᠮᠳᠠᠳᠤ ᠰᠤᠷᠭᠠᠭᠤᠯᠢ  ᠶᠢᠨ ᠳᠡᠭᠡᠳᠦ ᠳᠤᠮᠳᠠᠳᠤ  ᠶᠢᠨ ᠰᠢᠯᠢᠳᠡᠭ ᠰᠤᠷᠤᠯᠭᠠᠳᠡᠤᠨ ᠲᠤ ᠰᠤᠷᠤᠯᠭ᠎ᠠ  ᠶᠢᠨ ᠱᠠᠩᠨᠠᠯ ᠤᠨ
2012.08.28 ᠲᠣᠰ ᠥᠷᠲᠡᠭᠡᠨ ᠦ ᠨᠠᠢᠷᠠᠭᠤᠯᠤᠭᠴᠢ

    ᠨᠠᠮ ᠤᠨ ᠦᠨᠳᠤᠰᠤᠳᠡᠡ ᠤ ᠲᠤᠬᠠᠢ ᠲᠥᠷᠦ  ᠶᠢᠨ ᠪᠣᠳᠤᠯᠭ᠎ᠠ  ᠶᠢ ᠨᠠᠩ ᠰᠠᠢᠨ ᠨᠠᠢᠳᠡᠪᠤᠷᠢᠵᠢᠭᠤᠯᠵᠤ ᠂ ᠪᠠᠭᠠᠷᠢᠨ ᠵᠡᠭᠦᠨ ᠬᠣᠰᠢᠭᠤᠨ ᠤ ᠦᠨᠳᠤᠰᠤᠳᠡᠡ ᠤ ᠰᠣᠶᠤᠯ ᠰᠤᠷᠭᠠᠨ ᠬᠥᠮᠦᠵᠢᠯ ᠤᠨ ᠦᠢᠯᠡᠰ ᠤᠨ ᠬᠥᠭᠵᠢᠯᠲᠡ  ᠶᠢ ᠠᠬᠢᠭᠤᠯᠤᠨ ᠂ ᠰᠢᠯᠢᠳᠡᠭ ᠰᠤᠷᠤᠯᠭᠠᠳᠡᠡ  ᠢ ᠬᠦᠬᠢᠬᠦᠯᠤᠨ ᠵᠣᠷᠢᠭᠵᠢᠭᠤᠯᠵᠤ ᠂ ᠪᠦᠬᠦ ᠰᠤᠷᠭᠠᠭᠤᠯᠢ  ᠶᠢᠨ ᠰᠤᠷᠤᠭᠴᠢᠳ  ᠤᠨ ᠰᠢᠷᠭᠠᠭᠤ ᠬᠠᠲᠠᠭᠤᠵᠢᠯᠲᠠᠢ ᠪᠠᠷ ᠰᠤᠷᠤᠯᠴᠠᠬᠤ ᠰᠤᠷᠲᠠᠯ  ᠢ ᠳᠠᠢᠴᠢᠯᠠᠬᠤ  ᠶᠢᠨ ᠲᠥᠯᠦᠭᠡ ᠂ ᠰᠤᠷᠭᠠᠭᠤᠯᠢ  ᠶᠢᠨ ᠨᠠᠮ ᠤᠨ ᠡᠭᠦᠷ ᠂ ᠰᠤᠷᠭᠠᠭᠤᠯᠢ  ᠶᠢᠨ ᠵᠥᠪᠯᠡᠯ  ᠡᠴᠡ ᠳᠡᠭᠡᠳᠦ ᠳᠤᠮᠳᠠᠳᠤ  ᠶᠢᠨ ᠰᠢᠯᠢᠳᠡᠭ ᠰᠤᠷᠤᠯᠭᠠᠳᠡᠡ  ᠢ ᠱᠠᠩᠨᠠᠠ ᠬᠥᠬᠢᠭᠦᠯᠬᠦ ᠤᠷᠳᠤᠮᠵᠢ  ᠶᠢᠨ ᠴᠢᠨᠠᠷᠲᠠᠢ ᠲᠦᠷᠢᠮ ᠲᠣᠭᠲᠠᠭᠠᠯ  ᠢ ᠲᠣᠭᠲᠠᠭᠠᠨ ᠬᠡᠷᠡᠭᠵᠢᠭᠦᠯᠵᠦ ᠪᠠᠢᠨ᠎ᠠ ᠃ ᠶᠠᠭ ᠠᠨ ᠬᠥ ᠲᠣᠭᠲᠠᠭᠠᠯ ᠢ ᠦᠨᠳᠤᠰᠤᠯᠠᠨ ᠲᠤᠰ ᠰᠤᠷᠤᠯᠭ᠎ᠠ  ᠶᠢᠨ ᠬᠤᠭᠤᠴᠠᠭᠠᠨ ᠳᠤ ᠱᠠᠩᠨᠠᠯ ᠬᠦᠷᠲᠡᠬᠦ ᠳᠡᠭᠡᠳᠦ ᠬᠣᠶᠠᠷ ᠤᠨ ᠰᠤᠷᠤᠨ᠎ᠠ ᠵᠡᠷᠭᠡ 11ᠨᠡᠷ᠎ᠡ ᠰᠤᠷᠤᠭᠴᠢ ᠂ ᠳᠡᠭᠡᠳᠦ ᠭᠤᠷᠪᠠ  ᠶᠢᠨ ᠬᠤᠷ᠎ᠠ ᠵᠡᠷᠭᠡ 10 ᠨᠡᠷ᠎ᠡ ᠰᠤᠷᠤᠭᠴᠢ ᠂ ᠳᠡᠭᠡᠳᠦ ᠨᠢᠭᠡ  ᠶᠢᠨ ᠵᠢᠨ ᠶᠢᠩ ᠵᠡᠷᠭᠡ 29 ᠨᠡᠷ᠎ᠡ ᠰᠤᠷᠤᠭᠴᠢ ᠂ ᠨᠡᠢᠲᠡ 50 ᠨᠡᠷ᠎ᠡ ᠰᠤᠷᠤᠭᠴᠢ ᠳᠤ 22450 ᠲᠥᠭᠦᠷᠢᠭ  ᠤᠨ ᠰᠢᠯᠢᠳᠡᠭ ᠰᠤᠷᠤᠯᠭᠠᠳᠡᠡ ᠤ ᠱᠠᠩᠨᠠᠯ ᠤᠨ ᠮᠥᠩᠭᠦ ᠣᠯᠭᠤᠬᠤ ᠪᠠᠷ ᠲᠣᠭᠲᠠᠭᠰᠠᠨ ᠪᠠᠢᠨ᠎ᠠ ᠃ ᠰᠤᠷᠭᠠᠭᠤᠯᠢ  ᠡᠴᠡ ᠬᠦᠰᠡᠬᠦ ᠨᠢ ᠳᠡᠭᠡᠷᠡᠬᠢ ᠱᠠᠩᠨᠠᠯ ᠬᠦᠷᠳᠡᠭᠰᠠᠠ ᠳᠡᠭᠡᠳᠦ ᠳᠤᠮᠳᠠᠳᠤ  ᠶᠢᠨ 50 ᠨᠡᠷ᠎ᠡ ᠰᠤᠷᠤᠭᠴᠢ ᠨᠥᠬᠦᠳ ᠲᠤᠰ ᠤᠳᠠᠭᠠᠨ ᠤ ᠱᠠᠩᠨᠠᠯ  ᠢᠶᠠᠷ ᠵᠣᠷᠢᠭᠵᠢᠭᠤᠯᠤᠯ ᠪᠣᠯᠭᠠᠨ ᠂ ᠨᠠᠩ ᠢᠯᠡᠭᠦᠦ ᠴᠢᠷᠮᠠᠢᠨ ᠰᠤᠷᠤᠯᠴᠠᠵᠤ ᠂ ᠪᠤᠰᠤᠳ ᠨᠥᠬᠦᠳ ᠨᠠᠷ ᠲᠠᠭᠠᠨ ᠬᠡᠪ ᠳᠠᠭᠤᠷᠢᠶᠠᠯ ᠪᠣᠯᠵᠤ ᠂ ᠠᠩᠭᠢ ᠨᠢᠭᠡᠴᠢ ᠳᠡᠭᠡᠨ ᠨᠠᠩ ᠰᠠᠢᠨ ᠰᠤᠷᠤᠯᠭ᠎ᠠ  ᠶᠢᠨ ᠠᠭᠤᠷ ᠠᠮᠢᠰᠭᠤᠯ  ᠢ ᠪᠤᠢ ᠪᠣᠯᠭᠠᠬᠤ ᠳᠤ ᠬᠤᠪᠢ ᠨᠡᠮᠡᠷᠢ ᠪᠠᠨ ᠦᠵᠡᠬᠦᠯᠤᠨ ᠂ ᠰᠤᠷᠭᠠᠭᠤᠯᠢ ᠂ ᠪᠠᠭᠰᠢ  ᠨᠠᠷ ᠂ ᠭᠡᠷ ᠤᠨ ᠠᠬᠠᠮᠠᠤᠨ ᠂ ᠨᠡᠢᠭᠡᠮ ᠨᠡᠢᠲᠡ  ᠶᠢᠨ ᠬᠦᠰᠡᠯ ᠱᠠᠭᠠᠷᠳᠠᠯᠭ᠎ᠠ  ᠶᠢ ᠬᠥᠰᠡᠷᠳᠡᠭᠦᠯᠬᠦ ᠦᠭᠡᠢ ᠪᠠᠷ ᠲᠡᠮᠡᠴᠡᠨ ᠂ ᠰᠤᠷᠤᠯᠭ᠎ᠠ ᠰᠣᠶᠤᠯ ᠤᠨ ᠨᠠᠩ ᠥᠨᠳᠦᠷ ᠬᠢᠷᠢ ᠪᠦᠲᠦᠮᠵᠢ  ᠶᠢ ᠤᠯᠬᠤ ᠪᠠᠷ ᠴᠢᠷᠮᠠᠢᠭᠠᠷᠠᠢ ︕ ᠠᠨ ᠬᠥ ᠱᠠᠩᠨᠠᠯ ᠲᠤᠰ ᠤᠳᠠᠭ᠎ᠠ ᠬᠦᠷᠳᠡᠭᠰᠠᠠ ᠦᠭᠡᠢ ᠪᠤᠰᠤᠳ ᠨᠥᠬᠦᠳ ᠨᠠᠷ ᠂ ᠰᠤᠷᠤᠯᠴᠠᠬᠤ ᠵᠣᠷᠢᠭ  ᠢᠶᠠᠨ ᠬᠥᠪᠴᠢᠯᠡᠨ ᠂ ᠳᠡᠭᠡᠷᠡᠬᠢ ᠱᠠᠩᠨᠠᠯ ᠬᠦᠷᠳᠡᠭᠰᠠᠠ ᠨᠥᠬᠦᠳ  ᠢᠶᠠᠷ ᠳᠠᠭᠤᠷᠢᠶᠠᠯ ᠪᠣᠯᠭᠠᠨ ᠂ ᠰᠢᠯᠢᠳᠡᠭ ᠰᠠᠢᠨ ᠰᠤᠷᠤᠯᠴᠠᠬᠤ ᠬᠡᠪ ᠰᠤᠷᠲᠠᠯ  ᠢ ᠪᠤᠢ ᠪᠣᠯᠭᠠᠨ ᠂ ᠰᠤᠷᠤᠯᠭ᠎ᠠ  ᠶᠢᠨ ᠬᠢᠷᠢ ᠪᠦᠲᠦᠮᠵᠢ ᠪᠠᠨ ᠳᠡᠭᠡᠭᠰᠢᠯᠡᠭᠦᠯᠬᠦ ᠪᠠᠷ ᠬᠦᠴᠤᠯᠠᠨ ᠴᠢᠷᠮᠠᠢᠭᠠᠷᠠᠢ ᠭᠡᠵᠦ ᠤᠷᠢᠶᠠᠯᠠᠵᠤ ᠪᠠᠢᠨ᠎ᠠ ᠃
ᠯᠢᠨᠳᠦ᠋ᠩ ᠤᠨ ᠮᠣᠩᠭᠤᠯ ᠦᠨᠳᠤᠰᠤᠳᠡᠡ ᠤ ᠳᠤᠮᠳᠠᠳᠤ ᠰᠤᠷᠭᠠᠭᠤᠯᠢ
ᠡᠴᠡ ᠮᠡᠳᠡᠭᠡᠯᠡᠪᠠ ᠃

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
蒙ICP备14003075号
通信地址:巴林左旗教师进修学校蒙文部 哈那格尔 联系电话:13214869655
Copyright © www.balinedu.com All Right Reserved.内蒙古德力海信息技术有限公司技术支持