ᠮᠤᠷᠠᠯ ᠬᠥᠮᠦᠵᠢᠯ
ᠯᠢᠨᠳᠦ᠋ᠩ  ᠤᠨ ᠮᠣᠩᠭᠤᠯ ᠦᠨᠳᠦᠰᠦᠲᠡᠨ  ᠤ ᠪᠠᠭ᠎ᠠ ᠰᠤᠷᠭᠠᠭᠤᠯᠢ ᠨᠢ 《ᠠᠩᠭᠢ  ᠶᠢᠨ ᠡᠷᠬᠢᠯᠡᠭᠴᠢ  ᠶᠢᠨ ᠶᠠᠷᠢᠯᠴᠠᠨ ᠰᠤᠳᠤᠯᠬᠤ ᠬᠤᠷᠠᠯ》 ᠬᠤᠷᠠᠯᠳᠤᠭᠤᠯᠪᠠ
2012.10.08 ᠲᠣᠰ ᠥᠷᠲᠡᠭᠡᠨ ᠦ ᠨᠠᠢᠷᠠᠭᠤᠯᠤᠭᠴᠢ

    9 ᠰᠠᠷᠠᠢᠨ 28  ᠡᠳᠦᠷ ᠂ ᠯᠢᠨᠳᠦ᠋ᠩ  ᠤᠨ ᠮᠣᠩᠭᠤᠯ ᠦᠨᠳᠦᠰᠦᠲᠡᠨ  ᠤ ᠪᠠᠭ᠎ᠠ ᠰᠤᠷᠭᠠᠭᠤᠯᠢ ᠨᠢ 《ᠠᠩᠭᠢ  ᠶᠢᠨ ᠡᠷᠬᠢᠯᠡᠭᠴᠢ  ᠶᠢᠨ ᠶᠠᠷᠢᠯᠴᠠᠨ ᠰᠤᠳᠤᠯᠬᠤ ᠬᠤᠷᠠᠯ》 ᠬᠤᠷᠠᠯᠳᠤᠭᠤᠯᠵᠠᠢ ᠃ ᠬᠤᠷᠠᠯ ᠳᠤ ᠪᠠᠭ᠎ᠠ ᠰᠤᠷᠭᠠᠭᠤᠯᠢ  ᠶᠢᠨ12 ᠠᠩᠭᠢ ᠡᠷᠬᠢᠯᠡᠭᠴᠢ ᠪᠠᠭᠰᠢ ᠪᠠ ᠰᠤᠷᠭᠠᠭᠤᠯᠢ  ᠶᠢᠨ ᠳᠠᠷᠤᠭ᠎ᠠ ᠪᠦᠬᠡᠪᠡᠶᠠᠷ ᠪᠠᠭᠰᠢ ᠂ ᠮᠤᠷᠠᠯ  ᠤᠨ ᠬᠥᠮᠦᠵᠢᠯ  ᠤᠨ ᠡᠷᠬᠢᠯᠡᠭᠴᠢ ᠡᠷᠳᠡᠨᠢᠴᠢᠮᠡᠭ ᠪᠠᠭᠰᠢ ᠂ ᠬᠢᠴᠢᠶᠡᠯ ᠬᠥᠮᠦᠵᠢᠯ  ᠤᠨ ᠡᠷᠬᠢᠯᠡᠭᠴᠢ ᠰᠡᠴᠡᠩᠭᠤᠸ᠎ᠠ ᠪᠠᠭᠰᠢ ᠣᠷᠤᠯᠴᠠᠭᠰᠠᠨ ᠪᠠᠢᠨ᠎ᠠ ᠃ ᠲᠤᠰ ᠤᠳᠠᠭᠠᠨ  ᠤ ᠬᠤᠷᠠᠯ ᠳᠤ ᠡᠯ᠎ᠡ ᠠᠩᠭᠢ  ᠶᠢᠨ ᠠᠩᠭᠢ ᠡᠷᠬᠢᠯᠡᠭᠴᠢ ᠡᠴᠡ ᠥᠪᠡᠷ ᠥᠪᠡᠷ  ᠤᠨ ᠡᠷᠬᠢᠯᠡᠵᠦ ᠪᠠᠢᠭ᠎ᠠ ᠠᠩᠭᠢ  ᠶᠢᠨ ᠠᠵᠢᠯ  ᠤᠨ  ᠢᠶᠠᠨ ᠪᠠᠢᠳᠠᠯ  ᠤᠨ ᠲᠤᠬᠠᠢ ᠨᠠᠷᠢᠯᠢᠭ ᠵᠠᠳᠠᠯᠤᠯᠲᠠ ᠬᠢᠵᠦ ᠂ ᠬᠣᠢᠰᠢᠳᠠ  ᠶᠢᠨ ᠠᠩᠭᠢ ᠡᠷᠬᠢᠯᠡᠬᠦ ᠦᠵᠡᠯ ᠰᠠᠨᠠᠭ᠎ᠠ ᠵᠢᠴᠢ ᠰᠡᠳᠭᠢᠮᠵᠢ  ᠪᠠᠨ ᠶᠠᠷᠢᠭᠰᠠᠨ ᠪᠠᠢᠨ᠎ᠠ ᠃ ᠰᠤᠷᠭᠠᠭᠤᠯᠢ  ᠶᠢᠨ ᠳᠠᠷᠤᠭ᠎ᠠ ᠪᠦᠬᠡᠪᠡᠶᠠᠷ ᠪᠠᠭᠰᠢ ᠡᠴᠡ ᠮᠠᠨ  ᠤ ᠰᠤᠷᠭᠠᠭᠤᠯᠢ  ᠶᠢᠨ  ᠢᠶᠠᠨ ᠪᠣᠳᠠᠲᠤ ᠪᠠᠢᠳᠠᠯ ᠲᠠᠢ ᠤᠶᠠᠯᠳᠤᠭᠤᠯᠤᠨ ᠂ ᠠᠩᠭᠢ  ᠶᠢᠨ ᠠᠵᠢᠯ  ᠢ ᠴᠢᠩᠭᠠᠳᠭᠠᠬᠤ ᠲᠤᠬᠠᠢ ᠴᠢᠬᠤᠯᠠ ᠵᠢᠭᠠᠪᠤᠷᠢ ᠲᠠᠯᠪᠢᠭᠰᠠᠨ ᠪᠥᠭᠡᠳ ᠮᠤᠷᠠᠯ  ᠤᠨ ᠬᠥᠮᠦᠵᠢᠯ  ᠤᠨ ᠡᠷᠬᠢᠯᠡᠭᠴᠢ ᠡᠷᠳᠡᠨᠢᠴᠢᠮᠡᠭ ᠪᠠᠭᠰᠢ ᠡᠴᠡ ᠣᠳᠣᠬᠠᠨ  ᠤ ᠮᠠᠨ  ᠤ ᠰᠤᠷᠭᠠᠭᠤᠯᠢ  ᠶᠢᠨ ᠠᠩᠭᠢ  ᠶᠢᠨ ᠠᠵᠢᠯ ᠳᠤ ᠣᠷᠤᠰᠢᠵᠤ ᠪᠠᠢᠭ᠎ᠠ ᠠᠰᠠᠭᠤᠳᠠᠯ  ᠢ ᠳᠤᠷᠠᠳᠴᠤ ᠂ ᠠᠩᠭᠢ ᠡᠷᠬᠢᠯᠡᠬᠦ ᠤᠷ᠎ᠠ ᠴᠢᠳᠠᠪᠤᠷᠢ  ᠪᠠᠨ ᠳᠡᠭᠡᠭᠰᠢᠯᠡᠭᠦᠯᠬᠦ ᠲᠤᠬᠠᠢ ᠢᠯᠡᠳᠭᠡᠯ ᠬᠢᠭᠰᠡᠨ ᠪᠠᠢᠨ᠎ᠠ ᠃ ᠬᠢᠴᠢᠶᠡᠯ ᠬᠥᠮᠦᠵᠢᠯ  ᠤᠨ ᠡᠷᠬᠢᠯᠡᠭᠴᠢ ᠰᠡᠴᠡᠩᠭᠤᠸ᠎ᠠ ᠪᠠᠭᠰᠢ ᠡᠴᠡ ᠲᠤᠰ ᠤᠳᠠᠭᠠᠨ  ᠤ ᠬᠤᠷᠠᠯ ᠳᠤ ᠳ᠋ᠦᠩᠨᠡᠯᠲᠡ ᠬᠢᠬᠦ  ᠶᠢᠨ ᠲᠠᠭᠠᠦ ᠰᠢᠯᠢᠳᠡᠭ ᠰᠠᠢᠨ ᠠᠩᠭᠢ  ᠶᠢᠨ ᠰᠣᠶᠤᠯ  ᠢ ᠪᠦᠲᠦᠭᠡᠨ ᠪᠠᠢᠭᠤᠯᠵᠤ ᠂ ᠥᠪᠡᠷᠮᠢᠴᠡ ᠣᠨᠴᠠᠯᠢᠭ ᠪᠦᠬᠦᠢ ᠠᠩᠭᠢ ᠡᠷᠬᠢᠯᠡᠬᠦ ᠦᠵᠡᠯ ᠰᠠᠨᠠᠭ᠎ᠠ  ᠶᠢ ᠪᠤᠢ ᠪᠣᠯᠭᠠᠬᠤ ᠲᠠᠯ᠎ᠠ ᠡᠴᠡ ᠳᠠᠢᠴᠢᠯᠠᠨ ᠂ ᠠᠩᠭᠢ  ᠶᠢᠨ ᠠᠵᠢᠯ  ᠢ ᠰᠤᠷᠭᠠᠭᠤᠯᠢ  ᠶᠢᠨ ᠵᠢᠭᠠᠨ ᠰᠤᠷᠭᠠᠬᠤ ᠠᠵᠢᠯ  ᠤᠨ ᠬᠥᠳᠡᠯᠭᠡᠬᠦ ᠬᠦᠴᠦᠨ ᠪᠠ ᠲᠦᠯᠬᠢᠴᠡ ᠬᠦᠴᠦᠨ ᠪᠣᠯᠭᠠᠬᠤ  ᠶᠢ ᠤᠷᠢᠶᠠᠯᠠᠭᠰᠠᠨ ᠪᠠᠢᠨ᠎ᠠ ᠃
ᠵᠣᠬᠢᠶᠠᠭᠴᠢ ᠄ ᠵᠢᠷᠤᠭ

ᠦᠨᠡᠯᠡᠬᠦ 0ᠦᠨᠡᠯᠡᠯᠲᠡ ᠲᠠᠢ


( ᠨᠧᠲ ᠨᠠᠢᠵᠠ ᠵᠢᠨ ᠦᠨᠡᠯᠡᠯᠲᠡ ᠨᠢ ᠵᠦᠪᠭᠡᠨ ᠲᠡᠭᠦᠨ ᠊ᠤ᠌ ᠬᠤᠪᠢ ᠭᠦᠮᠦᠨ ᠊ᠤ᠌ ᠦᠵᠡᠯᠲᠡ ᠲᠡᠳᠦᠢ᠂ ᠲᠤᠰ ᠨᠧᠲ ᠦᠷᠳᠡᠭᠡ ᠲᠡᠭᠦᠨ ᠊ᠤ᠌ ᠦᠵᠡᠯᠲᠡ ᠵᠢ ᠵᠦᠪᠰᠢᠶᠡᠷᠡᠭᠰᠡᠨ ᠶᠠᠪᠤᠳᠠᠯ ᠤᠭᠳᠤ ᠪᠢᠰᠢ ᠶᠤᠮ᠃ )
蒙ICP备14003075号
通信地址:巴林左旗教师进修学校蒙文部 哈那格尔 联系电话:13214869655
Copyright © www.balinedu.com All Right Reserved.内蒙古德力海信息技术有限公司技术支持